☆ ᠮᠢ᠊·ᠭᠡᠷᠡᠯ
ᠰᠢᠯᠦᠭ᠌ ᠪᠠ ᠪᠢ
ᠤᠶᠠᠩᠭ᠎ᠠ ᠪᠠᠷ ᠨᠢᠯᠬᠠᠷᠠᠬᠤ ᠡᠨᠡᠭᠡᠨ ᠬᠤᠷᠸ᠎ᠠ ᠳ᠋ᠤ
ᠣᠷᠤᠭᠤ ᠲᠡᠶ᠂ ᠥᠭᠡᠳᠡ ᠲᠡᠶ ᠶᠠᠪᠣᠬᠤ ᠨᠢ ᠵᠢᠷᠭᠠᠯ ᠭᠡᠵᠤ ᠰᠢᠯᠦᠭᠯᠡᠨ᠎ᠡ ᠪᠢ
ᠥᠭᠡ ᠪᠠᠷ ᠪᠠᠶᠠᠵᠢᠬᠤ ᠥᠳᠡᠯᠦᠭᠡ ᠨᠠᠰᠤᠳᠠᠤᠨ ᠶᠢᠡᠨ
ᠦᠯᠡᠳᠡᠭ᠍ᠰᠡᠨ ᠣᠷᠤᠨ ᠵᠠᠢ ᠳᠤ ᠨᠢ ᠳᠤᠰᠠᠯᠠᠬᠤ ᠨᠢ ᠪᠣᠶᠠᠨ ᠭᠡᠵᠤ ᠰᠢᠯᠦᠭᠯᠡᠨ᠎ᠡ ᠪᠢ
ᠳᠠᠭᠤᠷᠢᠶᠠᠯ ᠶᠢᠡᠷ ᠨᠠᠰᠤᠯᠠᠬᠤ ᠢᠷᠠᠭᠤ ᠨᠠᠢ᠌ᠷᠠᠭ ᠮᠢᠨᠢ
ᠳᠤᠷᠠᠳᠬᠠᠯ ᠶᠢᠡᠷ ᠮᠥᠩᠭᠡᠷᠡᠭᠦ ᠶᠢ ᠭᠡᠵᠢᠶᠳᠡ ᠪᠣᠳᠤᠳᠠᠭ ᠪᠢ
ᠦᠰᠪᠣᠷᠢ ᠪᠠᠷ ᠪᠣᠵᠠᠭᠠᠢ᠌ᠷᠠᠬᠤ ᠬᠡᠦᠬᠡᠳ ᠪᠠᠭᠠᠴᠤᠳ ᠮᠢᠨᠢ
ᠦᠪᠡᠷ ᠤᠨ ᠭᠡᠰᠡᠨ ᠢᠷᠡᠭᠡᠳᠦᠢ ᠲᠡᠶ ᠪᠠᠢ᠌ᠬᠤ ᠶᠢ ᠭᠦᠰᠡᠳᠡᠭ᠌ ᠪᠢ
ᠨᠠᠢ᠌ᠷ ᠲᠡᠶ᠂ ᠭᠦᠷ ᠲᠡᠶ ᠮᠤᠩᠭ᠋ᠤᠯ ᠰᠤᠶᠤᠯ ᠵᠢᠠᠨ
ᠨᠠᠷᠠ ᠪᠠᠨ ᠮᠠᠳᠤ ᠬᠠᠢ᠌ᠷᠠᠯᠠᠵᠤ ᠶᠠᠪᠣᠨ᠎ᠠ ᠪᠢ
ᠨᠠᠪᠴᠢ ᠲᠡᠶ᠂ ᠰᠠᠯᠠᠭ᠎ᠠ ᠲᠡᠶ ᠰᠢᠯᠦᠭ᠌ ᠤᠨ ᠮᠤᠳᠤ ᠪᠠᠨ
ᠨᠠᠰᠤᠨ ᠳᠤᠷᠰᠢ ᠳᠠᠭᠠᠨ ᠵᠠᠢ᠌ᠯᠠᠵᠤ ᠶᠠᠭᠠᠷᠠᠨ᠎ᠠ ᠪᠢ
ᠭᠦᠰᠡᠷ ᠣᠨᠠᠬᠤ ᠰᠢᠯᠦᠭ᠌ ᠤᠨ ᠥᠭᠡᠰ ᠵᠢᠠᠨ
ᠭᠡᠯᠭᠢᠵᠤ᠂ ᠬᠤᠯᠪᠣᠵᠤ ᠨᠢᠭᠡᠨ ᠪᠠᠳᠠᠭ ᠪᠣᠯᠭᠠᠳᠠᠭ ᠪᠢ
ᠭᠦᠰᠡᠯ ᠳᠤ ᠬᠤᠨᠤᠭᠰᠢᠬᠤ ᠳᠦᠷᠦᠭ᠍ᠰᠡᠨ ᠨᠤᠳᠤᠭ ᠵᠢᠠᠨ
ᠭᠦᠪᠴᠢ᠂ ᠭᠤᠪᠢ ᠳᠠᠯ᠎ᠠ ᠲᠡᠶ ᠨᠢ ᠨᠡᠢ᠌ᠯᠡᠭᠦᠯᠵᠤ ᠰᠢᠯᠦᠭ᠌ ᠨᠡᠷᠡᠳᠡᠭ᠌ ᠪᠢ
ᠠᠷᠠᠢ ᠳᠤᠳᠤ ᠢᠯᠡᠷᠡᠭᠦ ᠦᠭᠡᠶ ᠠᠪᠣ ᠶᠢᠨ ᠳᠦᠷᠢ ᠵᠢ
ᠠᠮᠳᠠᠳᠤ ᠨᠣᠢ᠌ᠷ ᠲᠠᠭᠠᠨ ᠵᠡᠭᠦᠳᠦᠯᠡᠭᠦ ᠳᠡᠭᠡᠨ ᠰᠢᠯᠦᠭ᠌ ᠶᠢᠡᠷ ᠣᠭᠢᠯᠠᠳᠠᠭ ᠪᠢ
ᠠᠷᠪᠠᠨ ᠭᠤᠷᠪᠠ ᠲᠡᠶ ᠮᠢᠨᠢ ᠰᠢᠯᠦᠭ᠌ ᠤᠨ ᠱᠤᠩ ᠳᠦᠭ᠍ᠵᠢᠨ ᠪᠣᠰᠬᠠᠭᠰᠠᠨ
ᠠᠴᠢᠳᠤ ᠪᠠᠭᠰᠢ ᠴᠡᠪᠠᠭ᠍ᠵᠡᠪ ᠶᠢᠡᠨ ᠮᠦᠷᠦᠭᠡᠳᠭᠦ ᠳᠡᠭᠡᠨ ᠰᠢᠯᠦᠭ᠌ ᠶᠢᠡᠷ ᠡᠮᠭᠡᠨᠢᠳᠡᠭ᠌ ᠪᠢ
ᠠᠷᠭᠠᠯ ᠬᠤᠷᠮᠣᠢ᠌ᠯᠠᠭᠰᠠᠨ᠂ ᠭᠦᠮᠡᠯᠢ ᠠᠳᠬᠤᠭᠰᠠᠨ ᠡᠵᠢ ᠶᠢᠨ ᠵᠢᠠᠨ
ᠠᠷᠢᠭᠤᠨ ᠳᠦᠷᠢ ᠶᠢ ᠪᠠᠬᠠᠷᠬᠠᠵᠤ ᠰᠢᠯᠦᠭ᠌ ᠦᠷᠦᠳᠡᠭ᠌ ᠪᠢ
ᠭᠡᠯᠡ ᠶᠢ ᠳᠡᠭ᠍ᠰᠢᠷᠡᠭᠦᠯᠭᠦ ᠰᠢᠯᠦᠭ᠌ ᠣᠩᠰᠢᠭᠤᠯᠳᠠᠭ ᠪᠠᠳᠤᠸᠴᠢᠷ ᠪᠠᠭᠰᠢ ᠶᠢᠨ ᠵᠢᠠᠨ
ᠭᠡᠭᠡᠨ ᠰᠦᠨᠠᠰᠤᠨ ᠳᠤ ᠳᠠᠭᠠᠳᠬᠠᠵᠤ ᠰᠢᠯᠦᠭ᠌ ᠪᠢᠴᠢᠳᠡᠭ᠌ ᠪᠢ
ᠭᠦᠮᠤᠨ ᠭᠡᠳᠡᠭ᠌ ᠰᠤᠨᠢᠬᠠᠨ ᠠᠮᠢᠳᠠᠨ ᠢ ᠠᠩᠬᠠᠷᠤᠨ ᠠᠩᠬᠠᠷᠤᠨ
ᠣᠭ ᠶᠢᠡᠨ ᠮᠠᠳᠠᠷᠠᠪᠠᠯ ᠰᠠᠴᠠᠨ ᠭᠡᠵᠤ ᠦᠵᠡᠭᠦ ᠳᠡᠭᠡᠨ ᠰᠢᠯᠦᠭ᠌ ᠶᠢᠡᠨ ᠰᠥᠯᠡᠳᠡᠭ᠌ ᠪᠢ
ᠮᠠᠯ ᠭᠡᠳᠡᠭ᠌ ᠳᠡᠨᠡᠭ᠍ᠭᠡᠨ ᠠᠮᠢᠳᠠᠨ ᠢ ᠰᠢᠠᠵᠢᠨ ᠰᠢᠠᠵᠢᠨ
ᠪᠠᠯᠴᠢᠭᠡᠷ ᠶᠢᠡᠨ ᠮᠠᠳᠠᠪᠠᠯ ᠭᠦᠭᠡᠷᠦᠭᠦᠨ ᠭᠡᠵᠤ ᠳᠠᠨᠢᠬᠤ ᠳᠠᠭᠠᠨ ᠰᠢᠯᠦᠭ᠌ ᠶᠢᠡᠨ ᠳᠤᠰᠤᠯᠠᠳᠠᠭ ᠪᠢ
ᠰᠠᠷ᠎ᠠ ᠨᠢ ᠳᠡᠷᠭᠡᠯᠰᠢᠭᠦ ᠰᠦᠨᠢ ᠲᠡᠶ ᠬᠠᠨᠢᠷᠬᠠᠵᠤ
ᠰᠠᠨᠠᠭᠠᠨ ᠤ ᠬᠤᠩᠭ᠋ᠤᠷ ᠤᠨ ᠶᠢᠡᠨ ᠢᠳᠡᠭᠡᠯ ᠳᠤ ᠰᠢᠯᠦᠭ᠌ ᠡᠰᠭᠡᠨ᠎ᠡ ᠪᠢ
ᠨᠠᠷᠠᠨ ᠨᠢ ᠭᠢᠯᠠᠯᠵᠠᠬᠤ ᠡᠳᠦᠷ ᠲᠡᠶ ᠥᠶᠡᠷᠭᠡᠵᠤ
ᠨᠠᠷᠭᠢᠶᠠᠠᠳᠤ ᠭᠦᠮᠦᠰ ᠤᠨ ᠶᠢᠡᠨ ᠵᠤᠷᠢᠭᠵᠢᠯ ᠳᠤ ᠰᠢᠯᠦᠭ᠌ ᠮᠠᠨᠠᠨᠡ ᠪᠢ
ᠪᠠᠶ᠎ᠠ ᠶᠠᠳᠠᠷᠠᠨ᠂ ᠠᠮᠠ ᠡᠪᠰᠢᠶᠡᠭᠦ ᠬᠤᠷᠤᠮ ᠳ᠋ᠤ
ᠪᠢᠷ ᠭᠦᠶᠦᠯᠭᠡᠵᠤ ᠰᠢᠯᠦᠭ᠌ ᠪᠢᠴᠢᠪᠠᠯ ᠳᠤᠳᠤᠷ᠎ᠠ ᠨᠢᠭᠡ ᠠᠮᠤᠷᠳᠠᠭ ᠪᠢ
ᠣᠷᠮ᠎ᠠ ᠠᠯᠳᠠᠷᠠᠵᠤ᠂ ᠭᠢᠳᠠᠯ ᠥᠭᠡᠢ᠌ᠳᠡᠭᠦ ᠳ᠋ᠤ
ᠣᠨᠤᠯ ᠰᠢᠭᠦᠮᠵᠢ᠂ ᠰᠢᠯᠦᠭ᠌ ᠣᠩᠰᠢᠪᠠᠯ ᠰᠡᠳᠭᠢᠯ ᠨᠢᠭᠡ ᠰᠡᠷᠭᠦᠳᠡᠭ᠌ ᠪᠢ
2012.3.16
ᠵᠤᠬᠢᠶᠠᠭᠴᠢ ᠶᠢᠨ ᠬᠠᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2012 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ