ᠨᠡᠪᠲᠡᠷᠡᠨ ᠤᠷᠤᠬᠤ
ᠬᠠᠪᠣᠷ ᠤᠨ ᠪᠠᠶᠠᠰᠤᠯ

ᠬᠠᠪᠣᠷ ᠤᠨ ᠵᠡᠷᠭᠡᠯᠭᠡᠨ ᠮᠢᠷᠠᠯᠵᠠᠭᠠᠤᠨ ᠯᠠ

ᠬᠠᠯᠠᠭᠤᠨ ᠰᠠᠯᠭᠢᠨ ᠢᠯᠪᠢᠭᠡᠳ ᠯᠠ

ᠬᠠᠭᠳᠠ ᠨᠤᠭᠤᠭ᠎ᠠ ᠴᠤᠬᠣᠢ᠌ᠭᠠᠤᠨ ᠯᠠ

ᠬᠠᠨᠠᠭᠠᠷ ᠳᠠᠯ᠎ᠠ ᠴᠡᠩᠭᠡᠷᠯᠡᠭᠡᠳ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ

ᠭᠤᠷᠤᠬ᠎ᠠ ᠶᠢᠨ ᠣᠰᠤ ᠭᠤᠷᠴᠢᠭᠢᠨᠠᠭᠠᠤᠨ ᠯᠠ

ᠭᠤᠤᠯ ᠤᠨ ᠵᠢᠷᠭᠠᠬᠠᠢ ᠵᠢᠷᠢᠯᠵᠡᠭᠡᠳ ᠯᠠ

ᠭᠤᠯᠭᠤᠢ ᠴᠡᠴᠡᠭ᠌ ᠮᠢᠰᠢᠯᠵᠡᠭᠡᠳ ᠯᠠ

ᠭᠤᠠᠳᠠᠭᠰᠠᠨ ᠪᠠᠢ᠌ᠭᠠᠯᠢ ᠰᠡᠷᠪᠠᠯᠵᠡᠭᠡᠳ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ

ᠣᠭᠳᠠᠷᠭᠤᠢ ᠳᠤ ᠵᠢᠭᠦᠷᠳᠡᠨ ᠵᠢᠷᠭᠢᠭᠡᠳ ᠯᠠ

ᠠᠭᠤᠯᠠᠨ ᠳᠤ ᠪᠣᠭᠤ ᠣᠷᠤᠮᠳᠠᠭᠠᠤᠨ ᠯᠠ

ᠣᠶᠠᠭᠠᠨ ᠳᠤ ᠮᠤᠷᠢ ᠴᠤᠪᠬᠤᠴᠢᠭᠠᠤᠨ ᠯᠠ

ᠣᠷᠭᠠᠴᠢᠨ ᠵᠠᠯᠠᠭᠤ ᠥᠡᠳᠡᠯᠵᠡᠭᠡᠳ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ

ᠬᠤᠷᠠᠭ᠎ᠠ ᠢᠰᠢᠭᠡ ᠮᠠᠢ᠌ᠯᠠᠯᠳᠤᠭᠠᠤᠨ ᠯᠠ

ᠬᠤᠳᠠᠴᠢ ᠨᠤᠬᠠᠢ ᠭᠦᠭ᠍ᠰᠡᠭᠡᠳ ᠯᠠ

ᠬᠤᠯᠠᠨ ᠳᠠᠭ᠎ᠠ ᠳᠤᠭᠯᠠᠭᠠᠤᠨ ᠯᠠ

ᠬᠤᠩᠭ᠋ᠤᠷ ᠭᠡᠦᠭᠡᠨ ᠰᠠᠷᠠᠪᠴᠢᠯᠠᠭᠠᠤᠨ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ

ᠣᠷᠭᠤᠬᠤ ᠨᠠᠷᠠᠨ ᠳᠤᠶᠠᠭᠠᠷᠠᠤᠨ ᠯᠠ

ᠣᠨᠠᠬᠤ ᠨᠠᠷᠠᠨ ᠳᠤᠯᠠᠩᠷᠠᠭᠠᠤᠨ ᠯᠠ

ᠣᠷᠠᠢ ᠵᠠᠯᠠᠭᠤᠰ ᠣᠷᠮᠠᠰᠢᠭᠠᠤᠨ ᠯᠠ

ᠣᠷ᠎ᠠ ᠡᠷᠳᠡᠮ ᠶᠢᠡᠨ ᠭᠠᠷᠭᠠᠯᠴᠠᠭᠠᠤᠨ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ

ᠳᠠᠯ᠎ᠠ ᠨᠤᠳᠤᠭ ᠰᠤᠯᠤᠩᠭ᠋ᠠᠷᠠᠭᠠᠤᠨ ᠯᠠ

ᠳᠠᠨᠠᠨ ᠭᠡᠷ ᠴᠠᠢ᠌ᠯᠵᠠᠭᠠᠤᠨ ᠯᠠ

ᠳᠠᠪᠠ ᠴᠡᠩᠭᠡᠯ ᠪᠢᠯᠬᠠᠭᠠᠤᠨ ᠯᠠ

ᠳᠠᠭᠠᠳᠠᠢ ᠠᠮᠢᠳᠤᠷᠠᠯ ᠳᠡᠯᠭᠡᠭ᠍ᠳᠡᠭᠡᠳ ᠯᠠ

      ᠬᠠᠪᠣᠷ ᠴᠠᠭ ᠪᠠᠶᠠᠰᠤᠩᠭ᠋ᠤᠢ

      ᠬᠠᠮᠤᠭ ᠪᠣᠳᠠᠰ ᠠᠮᠢᠯᠠᠩᠭ᠋ᠤᠢ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2012 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ