☆ ᠱᠤᠸᠠᠩ ᠮᠸᠢ
ᠬᠠᠷ᠎ᠠ ᠭᠦᠤ ᠴᠢᠮ᠎ᠠ ᠳ᠋ᠠᠭᠠᠨ
ᠦᠯᠦ ᠮᠡᠳᠡᠭ᠌ ᠭᠠᠭᠴᠠᠭᠠᠷᠳᠠᠯ ᠳ᠋ᠤ
ᠦᠨᠦᠴᠢᠨ ᠵᠢᠷᠦᠭᠡ ᠮᠢᠨᠢ ᠡᠮᠵᠡᠭᠯᠡᠵᠤ
ᠦᠷᠦᠭᠡᠨ ᠭᠠᠳᠠᠨ᠎ᠠ ᠪᠠᠨ ᠵᠤᠭᠰᠤᠭᠠᠤᠨ
ᠥᠶᠡᠷᠭᠡᠵᠤ ᠳᠠᠰᠤᠭᠰᠠᠨ ᠭᠦᠤ ᠴᠢᠮ᠎ᠠ ᠪᠠᠨ ᠰᠠᠨᠠᠯ᠎ᠠ᠃
ᠬᠤᠰᠢᠭᠤᠷᠠᠨ ᠨᠢᠰᠭᠦ ᠭᠠᠯᠠᠭᠤᠳ ᠤᠨ ᠣᠮᠠᠷᠠᠰᠢᠯᠠᠬᠤ ᠳᠠᠭᠤᠨ ᠵᠢᠠᠷ
ᠬᠤᠷᠠᠭᠰᠠᠨ ᠴᠠᠰᠤ ᠮᠦᠰᠤ ᠬᠠᠢ᠌ᠯᠵᠤ ᠡᠭᠢᠯᠡᠯ᠎ᠡ
ᠬᠤᠠᠳᠤ ᠶᠢᠨ ᠰᠢᠷᠭᠠᠯ ᠡᠯᠡᠰᠤᠨ ᠳᠡᠭᠡᠷ᠎ᠡ ᠥᠯᠡᠳᠡᠭ᠍ᠰᠡᠨ ᠮᠦᠷ ᠤᠳ
ᠬᠤᠨᠤᠭᠰᠢᠵᠤ ᠵᠠᠪᠣᠭᠰᠠᠨ ᠡᠳᠦᠷ ᠤᠳ ᠢ ᠰᠠᠨᠠᠭᠳᠠᠭᠤᠯᠤᠨ᠎ᠠ᠃
ᠭᠠᠯ ᠣᠯᠠᠭᠠᠨ ᠰᠠᠷᠠᠯᠠᠩ᠂ ᠳᠠᠯ᠎ᠠ ᠳᠦᠭᠦᠷᠡᠩ ᠮᠢᠷᠠᠯᠵᠠᠬᠤ ᠳᠤ
ᠭᠠᠭᠴᠠᠬᠠᠨ ᠴᠢᠮ᠎ᠠ ᠪᠠᠨ ᠭᠡᠵᠤ ᠪᠣᠳᠤᠬᠤ ᠳ᠋ᠤ
ᠭᠠᠯᠳᠠᠭᠰᠠᠨ ᠶᠤᠮ ᠰᠢᠭ᠌ ᠭᠤᠤᠯ ᠵᠢᠷᠦᠭᠡ ᠬᠠᠷᠠᠯᠠᠵᠤ ᠢᠷᠡᠭᠦ ᠳ᠋ᠤ
ᠭᠠᠰᠢᠭᠤᠨ ᠬᠠᠷ᠎ᠠ ᠶᠢ ᠰᠡᠳᠭᠢᠯ ᠶᠢᠡᠨ ᠡᠩᠰᠡᠷᠡᠳᠡᠯ᠎ᠡ ᠪᠠᠯᠭᠤᠪᠠ᠃
ᠨᠠᠯᠭᠠᠷᠬᠠᠨ ᠨᠠᠮᠤᠷ ᠤᠨ ᠬᠤᠩᠭ᠋ᠤᠷ ᠰᠠᠯᠭᠢᠨ ᠳ᠋ᠤ
ᠴᠤᠬᠤᠷᠳᠠᠨ ᠣᠯᠠᠢ᠌ᠭᠰᠠᠨ ᠪᠠᠳᠤᠴᠠᠭᠠᠨ ᠤ ᠨᠠᠪᠴᠢ
ᠨᠠᠳᠠ ᠳᠤ ᠥᠯᠡᠳᠡᠭᠡᠭ᠍ᠰᠡᠨ ᠳᠤᠷᠠᠳᠬᠠᠯ ᠢ ᠴᠢᠨᠢ ᠰᠡᠷᠭᠦᠭᠡᠵᠤ
ᠴᠢᠮ᠎ᠠ ᠳᠠᠭᠠᠨ ᠭᠡᠵᠤ ᠳᠤᠷᠠᠰᠤᠯ ᠶᠢᠡᠷ ᠪᠢ ᠮᠦᠷᠦᠭᠡᠳᠦᠯᠡ᠃
ᠭᠦᠭᠦᠭᠡ ᠡᠪᠦᠯ ᠤᠨ ᠭᠦᠢᠳᠡᠨ ᠰᠢᠭᠤᠷᠭᠠᠨ ᠳ᠋ᠤ
ᠣᠷᠭᠤᠮᠠᠯ ᠪᠦᠭᠦᠨ ᠬᠤᠪᠬᠠᠢ᠌ᠷᠠᠵᠤ ᠮᠠᠳᠠᠨ᠎ᠡ
ᠭᠦᠯᠢᠶᠡᠯᠳᠡ ᠳᠤ ᠰᠡᠳᠭᠢᠯ ᠴᠢᠯᠠᠵᠤ ᠮᠡᠳᠡᠭ᠍ᠰᠡᠨ ᠴᠤ
ᠣᠷᠢᠳᠤ ᠶᠢᠨ ᠶᠠᠪᠣᠳᠠᠯ ᠤᠳ ᠪᠣᠳᠤᠯ ᠳᠤ ᠮᠥᠩᠭᠡᠷᠡᠨ᠎ᠡ᠃
ᠪᠣᠭᠤᠷᠤᠯ ᠠᠭᠤᠯᠠᠰ ᠤᠨ ᠳᠤᠯᠤᠭᠠᠢ ᠠᠯᠤᠰ ᠲᠤ ᠰᠦᠮᠠᠯᠵᠠᠨᠡ
ᠪᠣᠴᠠᠭᠰᠠᠨ ᠰᠢᠪᠠᠭᠤᠳ ᠤᠨ ᠳᠠᠭᠤᠨ ᠮᠦᠷᠦᠭᠡᠳᠦᠯ ᠳᠠᠯᠠᠯᠤᠨ᠎ᠠ
ᠪᠣᠯᠵᠤᠭ᠎ᠠ ᠦᠭᠡᠶ ᠠᠭᠤᠯᠵᠠᠯᠳᠠ ᠰᠡᠳᠭᠢᠯ ᠢ ᠳᠠᠳᠠᠨ᠎ᠠ
ᠪᠣᠷᠮᠠᠬᠠᠨ ᠰᠡᠳᠭᠢᠯ ᠡᠮᠵᠡᠭᠯᠡᠯ ᠶᠢᠡᠷ ᠣᠶᠠᠷᠠᠨ᠎ᠠ
ᠵᠤᠬᠢᠶᠠᠭᠴᠢ ᠶᠢᠨ ᠬᠠᠶᠢᠭ ᠄ ᠴᠢ ᠯᠤ ᠡᠮ ᠤᠨ ᠣᠢ᠌ᠯᠠᠳᠪᠣᠷᠢ
ᠵᠤᠬᠢᠶᠠᠭᠴᠢ᠄ ᠱᠤᠸᠠᠩ ᠮᠸᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2678
ᠴᠠᠭ᠄ 2011 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ