ᠨᠡᠪᠲᠡᠷᠡᠨ ᠤᠷᠤᠬᠤ
ᠮᠤᠷᠢᠳᠠᠨ ᠤ ᠵᠠᠭᠤᠨ

ᠮᠤᠷᠢ ᠣᠨᠤᠭᠰᠠᠨ ᠮᠤᠩᠭ᠋ᠤᠯ ᠭᠦᠮᠤᠨ ᠪᠣᠯ

ᠴᠢᠩᠭᠢᠰ ᠬᠠᠭᠠᠨ ᠪᠠᠢ᠌ᠭᠰᠠᠨ ᠶᠤᠮ

ᠲ᠋ᠤᠭ ᠡᠷᠭᠦᠭ᠍ᠰᠡᠨ ᠪᠠᠭᠠᠳᠤᠷ ᠡᠷᠡᠰ ᠪᠣᠯ

ᠴᠢᠩᠭᠢᠰ ᠬᠠᠭᠠᠨ ᠪᠠᠢ᠌ᠭᠰᠠᠨ ᠶᠤᠮ


ᠠᠷᠪᠠᠨ ᠭᠤᠷᠪᠠᠳᠤᠭᠠᠷ ᠵᠠᠭᠤᠨ ᠭᠡᠭ᠍ᠴᠢ ᠨᠢ

ᠠᠢ᠌ᠬᠤᠪᠳᠤᠷ ᠵᠠᠭᠤᠨ ᠪᠠᠢ᠌ᠭᠰᠠᠨ ᠶᠤᠮ

ᠠᠽᠢᠶ᠎ᠠ ᠧᠦ᠋ᠷᠤᠫᠠ ᠶᠢ ᠰᠤᠠᠳᠤᠯᠠᠭᠰᠠᠨ

ᠮᠤᠷᠢᠳᠠᠨ ᠤ ᠵᠠᠭᠤᠨ ᠪᠠᠢ᠌ᠭᠰᠠᠨ ᠶᠤᠮ


ᠪᠠᠢ᠌ᠯᠳᠤᠭᠰᠠᠨ ᠳᠠᠷᠠ ᠵᠠᠭᠤᠨ ᠢ ᠭᠡᠷᠪᠡ

ᠪᠦᠷᠭᠦᠤᠨ ᠤᠨ ᠵᠠᠭᠤᠨ ᠭᠡᠵᠤ ᠵᠥᠢᠷᠯᠡᠳᠡᠭ᠌ ᠪᠣᠯ

ᠪᠦᠳᠦᠭᠦᠨ ᠬᠤᠷᠴᠠ ᠰᠠᠪᠠᠷ ᠳᠠᠭᠠᠨ

ᠪᠦᠮᠪᠦᠷᠴᠡᠭ᠌ ᠢ ᠠᠤᠠᠬᠤᠵᠤ ᠨᠢᠰᠦᠭ᠍ᠰᠡᠨ ᠶᠤᠮ


ᠲ᠋ᠠᠢ᠌ᠳᠤᠭᠰᠠᠨ ᠳᠠᠷᠠ ᠵᠠᠭᠤᠨ ᠢ ᠳᠠᠭᠢᠭᠠᠤᠨ

ᠲ᠋ᠡᠭ᠍ᠷᠢᠯᠢᠭ᠌ ᠵᠠᠭᠤᠨ ᠭᠡᠵᠤ ᠨᠡᠷᠡᠯᠡᠳᠡᠭ᠌ ᠪᠣᠯ

ᠲ᠋ᠡᠭ᠍ᠷᠢ ᠶᠢᠨ ᠥᠩᠭᠡᠳᠡᠢ ᠳᠤᠭ ᠶᠢᠡᠷ ᠵᠢᠠᠨ

ᠲ᠋ᠢᠪ ᠢ ᠡᠪᠭᠡᠵᠤ ᠪᠠᠭᠯᠠᠭᠰᠠᠨ ᠶᠤᠮ


ᠠᠳᠠᠭ᠎ᠠ ᠳᠠᠪᠤᠨ ᠳᠡᠭ᠍ᠷᠢ ᠨᠢ ᠨᠢᠵᠢᠭᠢᠨᠠᠵᠤ ᠠᠶᠤᠩᠭ᠋ᠠᠯᠠᠳᠠᠭ

ᠠᠯᠮᠠᠰ ᠳᠦᠷᠪᠡᠨ ᠳᠤᠭᠤᠷᠠᠢ ᠨᠢ ᠴᠠᠭᠢᠯᠵᠤ ᠭᠢᠯᠪᠠᠭᠠᠯᠠᠳᠠᠭ

ᠠᠭᠤᠤ ᠶᠡᠭᠡ ᠮᠤᠷᠢᠳᠠᠨ ᠦᠨᠳᠦᠰᠦᠳᠠᠨ ᠤ ᠵᠠᠭᠤᠨ ᠳᠤ

ᠡᠡᠲ᠋ᠦᠮ ᠊᠊᠊᠊᠊᠊᠊᠊᠊᠊᠊᠊᠊᠊᠊ ᠳᠠᠭᠠᠭᠤᠯᠯᠢ᠂   ᠢᠰᠢᠭᠡ ᠳᠤᠭᠤᠯ ᠰᠢᠭ ᠪᠠᠢ᠌ᠭᠰᠠᠨ ᠶᠤᠮ


ᠪᠣᠰᠤᠭ᠎ᠠ ᠥᠰᠦᠭ᠌ ᠵᠢᠠᠷ ᠳᠠᠮᠠᠭ᠎ᠠ ᠪᠠᠨ ᠰᠠᠢ᠌ᠯᠵᠤ

ᠪᠣᠰᠤᠳ ᠤᠨ ᠵᠢᠷᠦᠭᠡ ᠶᠢ ᠴᠡᠴᠡᠷᠡᠭᠦᠯᠵᠤ ᠶᠠᠪᠣᠭᠰᠠᠨ ᠶᠤᠮ

ᠭᠡᠳᠡ ᠶᠢᠨ ᠭᠠᠯ ᠶᠢᠡᠷ ᠳᠤᠯᠭ᠎ᠠ ᠪᠠᠨ ᠨᠤᠴᠤᠭᠠᠵᠤ

ᠭᠡᠢ ᠮᠤᠷᠢ ᠰᠦᠯᠳᠡ ᠪᠠᠨ ᠪᠠᠳᠠᠷᠠᠭᠠᠵᠤ ᠳᠠᠪᠭᠢᠭᠰᠠᠨ ᠶᠤᠮ


ᠭᠦᠯᠦᠭ᠌ ᠤᠨ ᠳᠤᠭᠤᠷᠠᠢ ᠭᠦᠷᠦᠭ᠍ᠰᠡᠨ ᠭᠠᠵᠠᠷ ᠳᠤᠨᠢ

ᠭᠦᠷᠤᠨ ᠤ ᠨᠢᠷᠤᠭᠤ ᠬᠤᠳᠤᠯᠵᠠᠵᠤ ᠪᠠᠢ᠌ᠭᠰᠠᠨ ᠴᠤ

ᠭᠢᠶᠠᠨ ᠶᠠᠰᠤᠳᠠᠨ ᠤ ᠬᠣᠢ᠌ᠴᠢᠰ ᠮᠤᠩᠬᠠᠷᠠᠵᠤ

ᠬᠤᠷᠸ᠎ᠠ ᠳᠡᠯᠡᠭᠡᠢ ᠳᠤ ᠢᠴᠢᠭᠦᠷᠢ ᠠᠪᠴᠢᠷᠠᠭᠰᠠᠨ ᠶᠤᠮ


ᠡᠭᠡᠮᠦᠭ᠌ ᠰᠥᠢᠭᠡᠳᠡᠨ ᠤ ᠡᠪᠦᠷ ᠲᠤ ᠬᠠᠯᠠᠭᠤᠷᠠᠵᠤ

ᠡᠵᠡᠨ ᠲᠦᠷᠦ ᠶᠢᠨ ᠶᠡᠭᠡ ᠰᠠᠭᠤᠳᠠᠯ ᠬᠠᠵᠠᠢ᠌ᠭᠰᠠᠨ ᠶᠤᠮ

ᠡᠰᠡᠷᠭᠦ ᠰᠠᠨᠠᠭᠠᠳᠠᠨ ᠤ ᠮᠡᠭᠡᠨ ᠳᠤ ᠬᠠᠭᠤᠷᠳᠠᠵᠤ

ᠡᠷᠡᠯᠭᠡᠭ᠌ ᠵᠠᠭᠤᠨ ᠤ ᠪᠠᠭᠢ ᠳᠤᠯᠭᠠᠭᠤᠷᠢ ᠬᠤᠭᠤᠷᠠᠭᠰᠠᠨ ᠶᠤᠮ


ᠭᠡᠷᠡᠯ ᠰᠠᠴᠤᠷᠠᠭᠰᠠᠨ ᠳᠡᠦᠭᠡ ᠳᠠᠢ

ᠮᠤᠷᠢᠳᠠᠨ ᠤ ᠳᠠᠷᠠ ᠭᠦ ᠵᠠᠭᠤᠨ ᠢ

ᠭᠡᠭᠡ ᠳᠤᠶᠠᠭᠠᠷᠠᠭᠰᠠᠨ ᠳᠤᠭᠤᠨᠤ ᠳᠠᠢ

ᠮᠥᠩᠭᠡ ᠶᠢᠨ ᠵᠠᠭᠤᠨ ᠭᠡᠵᠤ ᠵᠤᠬᠢᠶᠠᠭᠰᠠᠨ ᠶᠤᠮ


ᠭᠡᠨᠡᠳᠡᠯ ᠬᠠᠷᠠᠰᠠᠯ ᠤᠨ ᠳᠠᠩᠰᠠ ᠳᠠᠢ

ᠮᠤᠩᠭ᠋ᠤᠯ ᠤᠨ ᠳᠠᠷᠠ ᠭᠦ ᠡᠷᠢᠨ ᠢ

《ᠭᠡᠮᠰᠢᠯ ᠤᠨ ᠰᠢᠯᠦᠭ᠌》 ᠵᠢᠡᠨ ᠣᠩᠰᠢᠭᠰᠠᠭᠠᠷ

ᠪᠣᠷᠤᠭᠤᠯᠠᠵᠤ ᠪᠠᠢ᠌ᠬᠤ ᠪᠠᠷ ᠵᠢᠷᠤᠭᠰᠠᠨ ᠶᠤᠮ᠃

ᠵᠤᠬᠢᠶᠠᠭᠴᠢ᠄ ᠴ·ᠪᠠᠶᠠᠰᠤᠯ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3437
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ