ᠨᠡᠪᠲᠡᠷᠡᠨ ᠤᠷᠤᠬᠤ
ᠵᠢᠵᠢᠭ᠌ ᠭᠤᠳᠤᠯ

ᠵᠢᠯ ᠴᠠᠭᠠᠨ ᠰᠠᠷ᠎ᠠ ᠣᠢ᠌ᠷᠠᠳᠤᠵᠤ᠂ ᠮᠠᠨ ᠤ ᠬᠤᠳᠠ ᠶᠢᠨ ᠭᠢᠳ ᠴᠠᠰᠤ ᠮᠦᠰᠤᠨ ᠤ ᠱᠤᠭᠤᠮᠠᠯ ᠶᠢᠡᠨ ᠭᠢᠵᠤ ᠡᠭᠢᠯᠡᠪᠡ᠃ ᠭᠤᠤᠯ ᠤᠨ ᠣᠰᠤ ᠳᠠᠳᠠᠷᠠᠭᠰᠠᠨ ᠡᠴᠡ ᠱᠤᠭᠤᠮᠠᠯ ᠭᠢᠭᠦ ᠮᠦᠰᠤ ᠣᠯᠳᠠᠬᠤ ᠦᠭᠡᠶ ᠪᠣᠯᠵᠤ᠂ ᠬᠤᠳᠠ ᠶᠢᠨ ᠭᠢᠳ ᠥᠯᠢᠶᠡᠭᠦᠷ ᠶᠢᠡᠷ ᠭᠤᠤᠯ ᠤᠨ ᠣᠰᠤ ᠶᠢ ᠰᠦᠷᠴᠢᠨ ᠭᠢᠮᠠᠯ ᠴᠠᠰᠤ ᠪᠣᠯᠭᠠᠵᠤ ᠳᠡᠭᠦᠨ ᠶᠢᠡᠷ ᠶᠢᠡᠨ ᠱᠤᠭᠤᠮᠠᠯ ᠭᠢᠵᠤ ᠪᠣᠢ᠃ ᠮᠢᠨᠤ ᠰᠠᠭᠤᠵᠤ ᠪᠠᠢ᠌ᠭ᠎ᠠ ᠠᠰᠠᠷ ᠤᠨ ᠡᠮᠦᠨ᠎ᠡ ᠳᠠᠯ᠎ᠠ ᠳᠤ ᠭᠤᠷᠪᠠᠨ ᠮᠸᠲ᠋ᠷ ᠰᠢᠬᠠᠮ ᠦᠨᠳᠦᠷ ᠮᠤᠩᠭ᠋ᠤᠯ ᠭᠤᠳᠤᠯ ᠱᠤᠭᠤᠵᠤ ᠳᠠᠯᠪᠢᠪᠠ᠃ ᠭᠦᠮᠦᠰ ᠳᠡᠭᠦᠨ ᠪᠠᠷ ᠦᠵᠡᠮᠵᠢ ᠪᠣᠯᠭᠠᠨ ᠳᠤᠷᠠᠰᠬᠠᠯ ᠤᠨ ᠰᠡᠭᠦᠳᠡᠷ ᠳᠠᠳᠠᠵᠠᠭᠠᠨ᠎ᠠ ᠁

ᠳᠤᠰ ᠱᠤᠭᠤᠮᠠᠯ ᠤᠨ ᠶᠠᠩᠵᠤ ᠨᠠᠮᠪᠠ ᠨᠢ ᠪᠠᠷᠤᠭᠳᠠᠢ ᠪᠣᠯᠪᠠᠴᠤ ᠮᠤᠩᠭ᠋ᠤᠯ ᠭᠤᠳᠤᠯ ᠪᠣᠯᠬᠤᠷ ᠰᠡᠳᠭᠢᠯ ᠳᠤ ᠳᠠᠭᠠᠳᠠᠢ ᠪᠠᠢ᠌ᠵᠤ᠂ ᠡᠵᠢ ᠶᠢᠨ ᠮᠢᠨᠢ ᠨᠠᠮᠢ᠋ᠢ ᠭᠦᠯ ᠳᠤ ᠣᠷᠤᠬᠤ ᠳᠤ ᠭᠢᠵᠤ ᠦᠭ‍ᠭᠦᠭ᠍ᠰᠡᠨ ᠳᠤᠭᠤᠯ ᠤᠨ ᠠᠷᠠᠰᠤᠨ ᠭᠤᠳᠤᠯ ᠢ ᠪᠣᠳᠤᠭᠳᠠᠭᠤᠯᠪᠠ᠃ ᠡᠵᠢ ᠮᠢᠨᠢ ᠳᠤᠭᠤᠯ ᠤᠨ ᠠᠷᠠᠰᠤ ᠶᠢ ᠡᠯᠳᠡᠨ᠂ ᠠᠳᠤᠭᠤᠨ ᠤ ᠰᠢᠷᠪᠣᠰᠤ ᠳᠠᠮᠤᠨ ᠵᠢᠵᠢᠭ᠌ ᠭᠤᠳᠤᠯ ᠭᠢᠵᠤ᠂ ᠨᠠᠳᠠ ᠳᠤ ᠄ 《ᠭᠦᠤ ᠮᠢᠨᠢ᠂ ᠨᠤᠳᠤᠭ ᠤᠨ ᠶᠢᠡᠨ ᠭᠦᠷᠦᠰᠤ ᠶᠢ ᠡᠪᠳᠡᠯ ᠦᠭᠡᠶ ᠵᠥᠭᠡᠯᠡᠨ ᠭᠢᠰᠭᠢᠵᠤ ᠭᠦᠴᠤ ᠣᠯᠵᠤ᠂ ᠳᠠᠪᠤᠨ ᠬᠤᠰᠢᠭᠤ ᠮᠠᠯ ᠤᠨ ᠶᠢᠡᠨ ᠰᠢᠮ᠎ᠠ ᠶᠢ ᠭᠦᠷᠳᠡᠨ᠂ ᠠᠭᠳᠠ ᠶᠢᠨ ᠰᠢᠷᠪᠤᠰᠤᠰᠢᠭ᠌ ᠪᠠᠭᠢ ᠬᠤᠯᠠ ᠶᠠᠪᠣᠬᠤ ᠰᠢᠠᠳᠠᠰᠤ ᠲᠡᠶ ᠭᠦᠮᠤᠨ ᠪᠣᠯᠤᠭ》 ᠭᠡᠵᠤ ᠡᠮᠦᠰᠭᠡᠭ᠍ᠰᠡᠨ ᠶᠤᠮ᠃ ᠰᠡᠭᠦᠯᠡᠷ ᠨᠢ ᠳᠤᠮᠤ ᠪᠣᠯᠤᠭᠰᠠᠨ ᠤ ᠳᠠᠷᠠᠭ᠎ᠠ᠂ ᠨᠠᠮᠢ᠋ᠢ ᠬᠤᠷᠢᠮᠯᠠᠬᠤ ᠳᠤ 《ᠮᠢᠨᠤ ᠭᠦᠤ ᠬᠤᠵᠢᠮ ᠬᠡᠦᠬᠡᠳ ᠲᠡᠶ ᠪᠣᠯᠪᠠᠯ ᠡᠭᠦᠨ ᠢ ᠡᠮᠦᠰᠭᠡ᠂ ᠬᠡᠦᠬᠡᠳ ᠴᠢᠨᠢ ᠳᠤᠮᠤ ᠪᠣᠯᠪᠠᠯ᠂ ᠬᠤᠷᠢᠮᠯᠠᠬᠤ ᠦᠶ᠎ᠡ ᠳᠤ ᠨᠢ ᠬᠡᠦᠬᠡᠳ ᠲᠡᠭᠡᠨ ᠥᠭ᠌᠂ ᠦᠶ᠎ᠡ ᠦᠶ᠎ᠡ ᠣᠯᠠᠮᠵᠢᠯᠠᠵᠤ ᠦᠷ᠎ᠡ ᠬᠣᠢ᠌ᠴᠢ ᠨᠡᠷ ᠲᠠᠭᠠᠨ ᠡᠮᠦᠰᠭᠡ》 ᠭᠡᠵᠤ ᠵᠠᠭᠢᠵᠤ ᠪᠠᠢ᠌ᠯ᠎ᠠ᠃ ᠮᠢᠨᠤ ᠭᠦᠤ ᠪᠣᠯᠤᠨ ᠦᠬᠢᠨ ᠭᠦᠯ ᠳᠤ ᠣᠷᠤᠬᠤ ᠳᠠᠭᠠᠨ ᠳᠤᠰ ᠭᠤᠳᠤᠯ ᠢ ᠡᠮᠦᠰᠦᠭ᠍ᠰᠡᠨ ᠶᠤᠮ᠃ ᠦᠬᠢᠨ ᠮᠢᠨᠢ ᠡᠷᠭᠡ ᠪᠣᠯᠬᠤᠷ ᠳᠠᠷᠠ ᠭᠤᠳᠤᠯ ᠢ ᠥᠮᠴᠢᠷᠭᠡᠨ ᠬᠤᠪᠢ ᠶᠢᠨ ᠭᠦᠷᠦᠩᠭᠡ ᠪᠣᠯᠭᠠᠨ ᠬᠠᠳᠠᠭᠠᠯᠭᠰᠠᠨ ᠪᠠᠢ᠌ᠨ᠎ᠠ ᠁

ᠣᠷᠴᠢᠮ ᠬᠤᠳᠠ ᠳᠤ ᠳᠡᠭ᠍ᠷᠢ ᠭᠦᠢᠳᠡᠷᠡᠵᠤ ᠶᠡᠭᠡ ᠴᠠᠰᠤ ᠣᠷᠤᠵᠤ ᠭᠤᠳᠤᠯ ᠤᠨ ᠱᠤᠭᠤᠮᠠᠯ ᠢ ᠳᠠᠷᠤᠭᠰᠠᠨ ᠡᠴᠡ ᠱᠤᠭᠤᠮᠠᠯᠴᠢᠳ ᠱᠤᠭᠤᠮᠠᠯ ᠶᠢᠡᠨ ᠳᠠᠭᠢᠨ ᠵᠠᠰᠠᠵᠤ ᠴᠠᠪᠠᠷᠯᠡᠵᠤ ᠪᠠᠢ᠌ᠯ᠎ᠠ᠃ ᠦᠬᠢᠨ ᠮᠢᠨᠢ ᠱᠠᠩᠬᠠᠢ ᠡᠴᠡ ᠢᠷᠡᠭ᠍ᠰᠡᠨ ᠬᠠᠮᠳᠤ ᠰᠤᠷᠤᠭᠴᠢ ᠲᠡᠶ ᠪᠠᠨ ᠦᠨᠦᠭᠢ ᠵᠢᠵᠢᠭ᠌ ᠭᠤᠳᠤᠯ ᠶᠢᠡᠨ ᠪᠠᠷᠢᠨ ᠳᠤᠷᠠᠰᠬᠠᠯ ᠤᠨ ᠰᠡᠭᠦᠳᠡᠷ ᠠᠪᠴᠤ ᠪᠠᠢ᠌ᠬᠤ ᠶᠢ ᠬᠠᠷᠠᠭᠰᠠᠨ ᠱᠤᠭᠤᠮᠠᠯᠴᠢᠨ ᠮᠠᠰᠢ ᠰᠤᠨᠢᠷᠬᠠᠨ᠂ ᠵᠢᠵᠢᠭ᠌ ᠭᠤᠳᠤᠯ ᠢ ᠭᠡᠳᠤᠨ ᠳᠠᠯ᠎ᠠ ᠡᠴᠡ ᠨᠢ ᠠᠭᠢᠨ ᠳᠠᠭᠢᠨ ᠱᠠᠭᠠᠢ᠌ᠵᠤ ᠳᠡᠰᠭᠡᠯ ᠦᠭᠡᠶ 《ᠡᠨᠡ ᠭᠤᠳᠤᠯ ᠢ ᠬᠠᠮᠢᠭ᠎ᠠ ᠡᠴᠡ ᠠᠪᠣᠪᠠ᠂ ᠭᠡᠳᠦᠢ ᠵᠤᠭᠤᠰ ᠪᠣᠢ ︖ ᠨᠠᠳᠠ ᠳᠤ ᠬᠤᠳᠠᠯᠳᠤᠵᠤ ᠥᠭ᠍ᠴᠤ ᠪᠣᠯᠬᠤ ᠦᠦ ︖》 ᠭᠡᠵᠤ ᠠᠰᠠᠭᠤᠬᠤ ᠳᠤ ᠦᠬᠢᠨ ᠮᠢᠨᠢ ᠨᠠᠭᠠᠳᠤᠮ ᠭᠢᠵᠤ 《ᠳᠠ ᠡᠨᠡ ᠭᠤᠳᠤᠯ ᠢ ᠲᠦᠮᠡᠨ ᠳᠦᠭᠦᠷᠢᠭ᠌ ᠭᠠᠷᠭᠠᠯ᠎ᠠ ᠭᠡᠳ ᠳᠠᠭᠢᠨ ᠣᠯᠵᠤ ᠦᠵᠡᠵᠤ ᠴᠢᠳᠠᠬᠤ ᠦᠭᠡᠶ᠂ ᠦᠨᠦᠳᠤᠷ ᠳᠠᠨᠠᠷ ᠤᠨ ᠠᠵᠠ ᠵᠠᠶᠠᠭ᠎ᠠ ᠴᠢᠨᠢ ᠵᠥᠭᠡᠷ ᠪᠠᠢ᠌ᠨ᠎ᠠ᠃ ᠡᠮᠡᠭᠡ ᠶᠢᠨ ᠮᠢᠨᠢ ᠥᠯᠡᠳᠡᠭᠡᠭ᠍ᠰᠡᠨ ᠣᠯᠠᠮᠵᠢᠯᠠᠯ ᠡᠳ᠋ ᠢ ᠳᠠᠨᠠᠷ ᠱᠤᠭᠤᠮᠠᠯ ᠤᠨ ᠶᠢᠡᠨ ᠳᠡᠷᠭᠡᠳᠡ ᠣᠯᠵᠤ ᠬᠠᠷᠠᠯ᠎ᠠ ᠁》 ᠭᠡᠵᠤ ᠥᠭᠡ ᠪᠠᠨ ᠭᠡᠯᠡᠵᠤ ᠪᠠᠷᠠᠬᠤ ᠡᠴᠡ ᠡᠮᠦᠨ᠎ᠡ ᠱᠤᠭᠤᠮᠠᠯᠴᠢᠨ ᠭᠠᠷ ᠶᠢᠡᠨ ᠰᠤᠩᠭ᠋ᠠᠨ ᠦᠨᠦᠭᠢ ᠵᠢᠵᠢᠭ᠌ ᠭᠤᠳᠤᠯ ᠢ ᠪᠠᠷᠢᠵᠤ ᠥᠵᠡᠭᠦ ᠭᠡᠭᠦ ᠳᠤ᠂ ᠦᠬᠢᠨ ᠮᠢᠨᠢ ᠵᠠᠢ᠌ᠯᠠᠰᠭᠢᠨ ᠬᠤᠷᠢᠭᠯᠠᠵᠤ 《ᠠᠭᠤᠴᠢᠯᠠᠭᠠᠷᠠᠢ ᠳᠠᠨᠠᠷ ᠪᠣᠯᠪᠠᠰᠤᠨ ᠪᠠᠢ᠌ᠭᠠᠴᠢ ᠁》 ᠭᠡᠭᠦ ᠳᠤ ᠱᠤᠭᠤᠮᠠᠯᠴᠢᠨ 《ᠶᠤᠰᠤ ᠠᠯᠳᠠᠯ᠎ᠠ᠂ ᠪᠢ ᠱᠤᠭᠤᠮᠠᠯ ᠭᠢᠳᠡᠭ᠌ ᠭᠦᠮᠤᠨ ᠪᠣᠯᠬᠤᠷ ᠳᠠᠨ ᠤ ᠮᠤᠩᠭ᠋ᠤᠯ ᠦᠨᠳᠦᠰᠦᠳᠠᠨ ᠤ ᠡᠷᠳᠡᠨ ᠤ ᠡᠳ᠋ᠯᠡᠯ ᠭᠡᠷᠡᠭ᠍ᠰᠡᠯ ᠢ ᠶᠡᠭᠡᠳᠡ ᠪᠠᠬᠠᠷᠠᠨ ᠠᠩᠬᠠᠷᠠᠵᠤ᠂ ᠭᠡᠪ ᠵᠠᠭᠠᠪᠣᠷ ᠪᠣᠯᠭᠠᠳᠠᠭ ᠶᠤᠮ᠃ ᠳᠠ ᠡᠨᠡ ᠭᠦ ᠵᠢᠵᠢᠭ᠌ ᠭᠤᠳᠤᠯ ᠶᠢᠡᠨ ᠨᠠᠳᠠ ᠳᠤ ᠥᠭ᠍ᠴᠤ ᠪᠣᠯᠬᠤ ᠦᠦ ︖ ᠪᠢ ᠵᠤᠭᠤᠰ ᠢ ᠨᠢ ᠬᠠᠨᠤᠮᠵᠢᠳᠠᠢ ᠦᠭ‍ᠭᠦᠨ᠎ᠡ᠃ ᠳᠠ ᠦᠨ᠎ᠡ ᠪᠠᠨ ᠭᠡᠯᠡᠭᠡᠷᠡᠢ ᠁》 ᠭᠡᠭᠦ ᠳᠤ ᠦᠬᠢᠨ ᠮᠢᠨᠢ ᠨᠠᠭᠠᠳᠤᠮ ᠭᠢᠵᠤ ᠪᠠᠢ᠌ᠭᠰᠠᠨ ᠡᠴᠡ ᠪᠠᠨ ᠵᠢᠭᠠᠬᠠᠨ ᠠᠭᠤᠷ ᠨᠢ ᠭᠦᠷᠴᠤ 《ᠲᠦᠮᠡᠨ ᠯᠠᠩ ᠤᠨ ᠰᠢᠵᠢᠷ ᠠᠯᠳᠠ ᠪᠠᠷ ᠴᠤ ᠰᠤᠯᠢᠬᠤ ᠦᠭᠡᠶ᠂ ᠳᠠᠨᠠᠷ ᠵᠤᠭᠤᠰ ᠲᠡᠶ ᠪᠣᠯ ᠠᠯᠢᠪᠠ ᠶᠢ ᠬᠤᠳᠠᠯᠳᠤᠵᠤ ᠠᠪᠴᠤ ᠴᠢᠳᠠᠨ᠎ᠠ ᠭᠡᠵᠤ ᠪᠣᠳᠤᠵᠤ ᠪᠠᠢ᠌ᠨ᠎ᠠ ᠦᠦ ︖ ᠠᠭᠤᠴᠢᠯᠠᠭᠠᠷᠠᠢ᠂ ᠮᠠᠨ ᠤ ᠮᠤᠩᠭ᠋ᠤᠯ ᠦᠨᠳᠦᠰᠦᠳᠠᠨ ᠤ ᠰᠤᠶᠤᠯ ᠳᠡᠦᠭᠡ ᠶᠢ ᠳᠡᠯᠡᠭᠡᠢ ᠳᠡᠭᠡᠷ᠎ᠡ ᠭᠡᠨ ᠴᠤ ᠭᠡᠳ ᠬᠤᠳᠠᠯᠳᠤᠵᠤ ᠠᠪᠴᠤ ᠴᠢᠳᠠᠬᠤ ᠦᠭᠡᠶ᠃ ᠳᠠ ᠰᠤᠶᠤᠯ ᠣᠷᠠᠯᠢᠭ ᠱᠤᠭᠤᠮᠠᠯ ᠤᠨ ᠠᠵᠢᠯ ᠭᠢᠵᠤ ᠪᠠᠢ᠌ᠭᠠᠤᠨ ᠵᠤᠭᠤᠰ ᠯᠠ ᠶᠠᠷᠢᠨ᠎ᠠ ᠦᠦ ︖ ᠢᠩᠭᠢᠭ᠍ᠰᠡᠭᠡᠷ ᠪᠠᠢ᠌ᠵᠤ ᠳᠠᠨᠤᠰ ᠰᠢᠭ ᠥᠴᠦᠭᠡᠨ ᠭᠦᠮᠦᠰ ᠮᠤᠩᠭ᠋ᠤᠯ ᠦᠨᠳᠤᠠᠰᠤᠳᠠᠨ ᠤ ᠰᠤᠶᠤᠯ ᠤᠨ ᠦᠪ ᠢ ᠳᠠᠰᠤᠳᠠᠨ ᠳᠠᠯᠭᠢᠳᠠᠵᠤ ᠮᠠᠳᠠᠨ᠎ᠠ ᠁》 ᠭᠡᠵᠤ ᠴᠢᠩᠭ᠋ᠠᠬᠠᠨ ᠬᠠᠷᠢᠭᠤᠯᠤᠭᠰᠠᠨ ᠳᠤ᠂ ᠱᠤᠭᠤᠮᠠᠯᠴᠢᠳ ᠪᠣᠯᠤᠨ ᠳᠤᠭᠤᠷᠢᠭᠰᠠᠨ ᠣᠯᠠᠨ ᠮᠡᠯᠡᠷᠡᠭ᠍ᠰᠡᠨ ᠨᠢᠳᠤ ᠪᠠᠷ ᠦᠬᠢᠨ ᠢ ᠮᠢᠨᠢ ᠳᠤᠭᠤᠢ ᠰᠢᠷᠳᠠᠵᠤ ᠪᠠᠢ᠌ᠯ᠎ᠠ ᠁

ᠡᠵᠢ ᠶᠢᠨ ᠮᠢᠨᠢ ᠣᠶᠤᠭᠰᠠᠨ ᠵᠢᠵᠢᠭ᠍‍ᠬᠡᠨ ᠭᠤᠳᠤᠯ᠂ ᠣᠨ ᠵᠢᠯ ᠤᠨ ᠣᠳᠠᠭᠠᠨ ᠥᠷᠭᠦᠯᠵᠢᠯᠡᠯ ᠤᠨ ᠳᠤᠮᠳᠠ᠂ ᠢᠩᠭᠢᠵᠤ ᠦᠪᠡᠷ ᠤᠨ ᠦᠨ᠎ᠡ ᠥᠷᠳᠡᠭ᠌ ᠶᠢᠡᠨ ᠣᠯᠵᠤ ᠦᠷ᠎ᠡ ᠬᠣᠢ᠌ᠴᠢᠰ ᠲᠠᠭᠠᠨ ᠣᠶᠤᠨ ᠰᠠᠨᠠᠭᠠᠨ ᠤ ᠥᠮᠦᠭ᠌ ᠳᠦᠰᠢᠭ᠌ ᠪᠣᠯᠵᠤ ᠶᠠᠪᠣᠨ᠎ᠠ᠃ ᠡᠨᠡ ᠪᠣᠯ ᠮᠠᠨ ᠤ ᠮᠤᠩᠭ᠋ᠤᠯ ᠰᠤᠶᠤᠯ ᠳᠡᠦᠭᠡ ᠶᠢᠨ ᠷᠢᠳ᠋ ᠰᠢᠳᠢ ᠪᠣᠶᠤ᠃


ᠵᠤᠬᠢᠶᠠᠭᠴᠢ ᠶᠢᠨ ᠬᠠᠶ‍ᠢᠭ ᠄ ᠭᠦᠯᠤᠨ ᠪᠣᠢ᠌ᠷ

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6182
ᠴᠠᠭ᠄ 2010 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ