☆ ᠮᠢ᠊·ᠭᠡᠷᠡᠯ
ᠬᠡᠦᠬᠡᠳ ᠢ ᠪᠣᠤ ᠵᠤᠪᠠᠭᠠᠶ᠎ᠠ
ᠬᠤᠪᠢ ᠳᠠᠪᠢᠯᠠᠩ ᠤᠨ ᠪᠠᠷᠢᠯᠳᠤᠯ ᠶᠢᠡᠷ ᠬᠤᠷᠸ᠎ᠠ ᠳᠤ ᠵᠠᠶᠠᠭᠠᠭᠰᠠᠨ
ᠬᠠᠭᠤᠴᠢ᠂ ᠣᠳᠤ ᠶᠢᠨ ᠡᠷᠭᠡ ᠴᠢᠯᠦᠭᠡ ᠶᠢ ᠰᠡᠳᠭᠢᠯ ᠳᠡᠭᠡᠨ ᠳᠠᠮᠠᠭᠠᠯᠠᠭᠰᠠᠨ
ᠬᠠᠭᠤᠷᠮᠠᠭ᠂ ᠵᠢᠩᠭᠢᠨᠢ ᠴᠢᠨᠠᠷ ᠢ ᠣᠬᠠᠭᠠᠠᠨ ᠳᠠᠭᠠᠨ ᠠᠭᠤᠰᠬᠠᠭᠰᠠᠨ
ᠬᠤᠵᠢᠮ ᠢᠷᠡᠭᠡᠳᠦᠢ ᠶᠢᠨ ᠡᠵᠡᠨ ᠪᠣᠯᠬᠤ ᠬᠡᠦᠬᠡᠳ ᠢ ᠪᠣᠤ ᠵᠤᠪᠠᠭᠠᠶ᠎ᠠ︕
ᠶᠠᠷᠰᠢᠭ ᠳᠦᠪᠠᠭ᠌ ᠤᠨ ᠵᠦᠷᠢᠴᠠᠯ ᠳᠤᠮᠳᠠᠭᠢ ᠡᠴᠢᠭᠡ ᠡᠭᠡ ᠡᠴᠠ
ᠶᠡᠷᠦᠮᠳᠡᠭ᠌ ᠡᠡᠰᠪᠦᠷᠢ ᠭᠦᠭᠡᠷᠦᠭᠦᠢ ᠬᠡᠦᠬᠡᠳ ᠢ ᠪᠣᠤ ᠵᠤᠪᠠᠭᠠᠶ᠎ᠠ
ᠶᠠᠷᠢᠭᠠᠤᠨ᠂ ᠰᠡᠳᠭᠢᠭᠡᠳ ᠪᠠᠢ᠌ᠪᠠᠯ ᠠᠭᠤᠵᠢᠷᠠᠨ ᠳᠠᠢ᠌ᠪᠣᠰᠢᠷᠠᠬᠤ ᠳᠤᠯᠠ
ᠶᠠᠭᠠᠭᠢᠯ᠎ᠠ ᠭᠡᠳ ᠬᠤᠭ ᠦᠭᠡᠶ ᠴᠠᠪᠠᠷ ᠬᠡᠦᠬᠡᠳ ᠢ ᠪᠣᠤ ᠵᠤᠪᠠᠭᠠᠶ᠎ᠠ︕
ᠣᠴᠢᠷ ᠶᠠᠪᠣᠳᠠᠯ ᠤᠨ ᠳᠤᠩᠭ᠋ᠠᠮᠵᠢ ᠦᠭᠡᠶ ᠡᠴᠠ ᠡᠴᠢᠭᠡ ᠡᠭᠡ ᠬᠠᠭᠠᠴᠠᠬᠤ ᠳ᠋ᠤ
ᠣᠨᠠᠭᠠᠨ ᠪᠠᠭ᠎ᠠ ᠶᠢᠨ ᠣᠢ ᠪᠢᠯᠢᠭ᠌ ᠲᠡᠶ ᠬᠡᠦᠬᠡᠳ ᠢ ᠪᠣᠤ ᠵᠤᠪᠠᠭᠠᠶ᠎ᠠ
ᠣᠷᠴᠢᠨ ᠠᠮᠢᠳᠤᠷᠠᠬᠤ ᠬᠠᠳᠠᠭᠤ ᠴᠢᠩᠭ᠎ᠠ ᠰᠢᠯᠭᠠᠯᠳᠠ ᠳ᠋ᠤ
ᠣᠮᠤᠭᠯᠠᠩ᠂ ᠣᠬᠠᠭᠠᠯᠢᠭ ᠶᠠᠪᠣᠭ᠎ᠠ ᠬᠡᠦᠬᠡᠳ ᠢ ᠪᠣᠤ ᠵᠤᠪᠠᠭᠠᠶ᠎ᠠ︕
ᠵᠤᠬᠢᠶᠠᠭᠴᠢ ᠶᠢᠨ ᠬᠠᠶᠢᠭ ᠄ ᠰᠢᠯᠢᠨ ᠭᠤᠤᠯ ᠠᠢ᠌ᠮᠠᠭ ᠤᠨ ᠪᠠᠷᠠᠭᠤᠨ ᠰᠦᠨᠢᠳ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ