ᠨᠡᠪᠲᠡᠷᠡᠨ ᠤᠷᠤᠬᠤ
ᠠᠯᠳᠠᠨ ᠭᠤᠷᠭᠤᠤᠯᠳᠠᠢ ᠶᠢᠨ ᠳᠠᠭᠤᠤ

ᠠᠷᠤ ᠬᠠᠩᠭ᠋ᠠᠢ ᠳᠤ ᠡᠭᠡ ᠨᠤᠳᠤᠭ ᠳᠠᠢ

ᠠᠷᠪᠠᠨ ᠭᠡᠳᠤᠨ ᠠᠯᠳᠠᠨ ᠭᠤᠷᠭᠤᠤᠯᠳᠠᠢ

ᠠᠩᠬ᠎ᠠ ᠨᠤᠳᠤᠭ ᠲᠠᠭᠠᠨ ᠪᠠᠢ᠌ᠬᠤ ᠥᠶ᠎ᠡ

ᠠᠵᠠ ᠶᠢᠨ ᠳᠠᠯᠠᠢ ᠳᠤ ᠱᠤᠩᠪᠠᠵᠤ ᠪᠠᠢ᠌ᠯ᠎ᠠ᠂

ᠠᠭᠢ ᠶᠢᠨ ᠰᠢᠮ᠎ᠠ ᠳᠤ ᠳᠠᠷᠭᠤ ᠠᠪᠴᠤ

ᠠᠬ᠎ᠠ ᠳᠡᠭᠦᠤ ᠬᠠᠮᠳᠤ ᠨᠢᠰᠭᠦ ᠪᠠᠢ᠌ᠵᠠᠢ

ᠠᠷᠪᠠᠢ ᠶᠢᠨ ᠳᠡᠵᠢᠭᠡᠯ ᠳᠤ ᠳᠠᠷ ᠠᠪᠴᠤ

ᠠᠰᠭ᠎ᠠ ᠬᠠᠳᠠᠨ ᠳᠤ ᠰᠠᠭᠤᠬᠤ ᠪᠠᠢ᠌ᠵᠠᠢ᠃

ᠳᠠᠢ᠌ᠷᠴᠤ ᠪᠠᠭᠤᠭᠰᠠᠨ ᠬᠠᠷ᠎ᠠ ᠠᠶᠤᠯ ᠳ᠋ᠤ

ᠳᠠᠢ᠌ᠪᠣᠩ ᠠᠮᠢᠳᠤᠷᠠᠯ ᠨᠢ ᠳᠠᠰᠤᠷᠠᠵᠤ ᠤᠴᠢᠪᠡ

ᠳᠠᠷᠢ ᠰᠤᠮᠤ ᠲᠡᠶ ᠬᠠᠷ᠎ᠠ ᠳᠤᠯᠤᠭᠠᠢ᠌ᠳᠠᠨ

ᠳᠡᠭᠡᠷᠡᠮ ᠪᠣᠯᠵᠤ ᠬᠤᠪᠢᠷᠠᠵᠤ ᠤᠴᠢᠪᠡ᠂

ᠳᠡᠯᠡᠭᠡᠢ ᠶᠢ ᠳᠤᠩᠰᠤᠯᠭᠠᠬᠤ ᠫᠣᠤ ᠶᠢᠨ ᠳᠠᠭᠤᠨ ᠳ᠋ᠤ

ᠳᠠᠯᠠᠪᠴᠢ ᠨᠢ ᠤᠨᠤᠭᠳᠠᠨ ᠤᠨᠠᠬᠤ ᠪᠣᠯᠪᠠ

ᠳᠡᠭ᠍ᠳᠡᠭᠡᠢ ᠵᠤᠯᠵᠠᠭ᠎ᠠ ᠪᠠᠨ ᠡᠭᠡ ᠨᠢ ᠳᠠᠭᠠᠭᠤᠯᠵᠤ

ᠳᠡᠭᠡᠳᠤ ᠨᠤᠳᠤᠭ ᠡᠴᠡ ᠪᠠᠨ ᠰᠠᠯᠬᠤ ᠪᠣᠯᠪᠠ᠃

ᠬᠤᠪᠠᠬᠠᠢ ᠳᠠᠯ᠎ᠠ ᠳᠤ ᠬᠤᠷ᠎ᠠ ᠪᠠᠭᠤᠵᠤ

ᠬᠤᠸᠠᠷ ᠴᠡᠴᠡᠭ᠌ ᠪᠣᠯᠢᠶᠠᠯᠳᠤᠨ ᠳᠡᠯᠭᠡᠷᠡᠨ᠎ᠡ

ᠬᠤᠷᠸ᠎ᠠ ᠪᠠᠢ᠌ᠭᠠᠯᠢ ᠳᠤ ᠭᠡᠰᠢᠭ᠌ ᠪᠠᠭᠤᠵᠤ

ᠬᠤᠷᠢᠵᠤ ᠬᠠᠮᠠᠭᠠᠯᠠᠬᠤ ᠳᠤᠭᠳᠠᠭᠠᠯ ᠨᠠᠢ᠌ᠳᠠᠯᠠᠨ᠎ᠠ᠂

ᠬᠤᠷᠳᠤᠨ ᠫᠣᠤ ᠬᠤᠷᠢᠶᠠᠮᠵᠢᠯᠠᠭᠳᠠᠬᠤ ᠪᠣᠯᠵᠤ

ᠬᠤᠯᠠᠭᠠᠢ ᠳᠡᠭᠡᠷᠡᠮ ᠪᠠᠭᠠᠰᠴᠤ ᠢᠷᠠᠪᠠ

ᠬᠤᠵᠢᠭᠠᠷ ᠮᠠᠩᠬ᠎ᠠ ᠳᠡᠷᠯᠢᠭ᠌ ᠭᠡᠳᠦᠷᠴᠤ

ᠬᠤᠷᠤᠭᠳᠠᠭᠰᠠᠨ ᠰᠢᠪᠠᠭᠤᠳ ᠤᠯᠡᠰᠢᠷᠡᠵᠤ ᠢᠷᠠᠪᠠ᠃

ᠠᠯᠤᠰ ᠲᠤ ᠳᠡᠨᠦᠴᠢᠯᠡᠭᠦ ᠠᠯᠳᠠᠨ ᠭᠤᠷᠭᠤᠤᠯᠳᠠᠢ

ᠠᠷᠤ ᠨᠤᠳᠤᠭ ᠲᠠᠭᠠᠨ ᠪᠣᠴᠠᠭᠠᠤᠨ ᠢᠷᠠᠯ᠎ᠠ

ᠠᠯᠠᠭ ᠨᠢᠳᠤ ᠪᠠᠨ ᠢᠳᠡᠭᠡᠵᠤ ᠶᠠᠳᠠᠨ

ᠠᠶᠠᠯᠭᠤ ᠳᠠᠭᠤᠤ ᠲᠡᠶ ᠬᠠᠷᠢᠭᠠᠤᠨ ᠢᠷᠠᠯ᠎ᠠ᠂

ᠠᠯᠳᠠᠨ ᠳᠡᠯᠡᠭᠡᠢ ᠳᠡᠭᠡᠨ ᠴᠢᠮᠡᠭ᠌ ᠰᠢᠤ

ᠠᠪᠣ ᠳᠡᠭᠡᠳᠤ ᠶᠢᠨ ᠨᠤᠳᠤᠭ ᠶᠤᠮ ᠳ᠋ᠠ

ᠠᠰᠢᠳᠠ ᠤᠷᠦᠰᠢᠬᠤ ᠶᠢᠨ ᠥᠯᠦᠭᠡᠢ ᠰᠢᠤ

ᠠᠵᠠ ᠶᠢᠨ ᠴᠠᠭᠠᠨ ᠳᠡᠭ᠍ᠷᠢ ᠶᠤᠮ ᠳ᠋ᠠ︕


2009-4-30

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2730
ᠴᠠᠭ᠄ 2009 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ