☆ ᠨᠠᠮᠵᠢᠯ ᠤᠨ ᠮᠥᠩᠭᠡᠪᠠᠶᠡᠷ
ᠨᠠᠪᠴᠢ ᠣᠨᠠᠬᠤ ᠳᠤ ᠨᠢᠯᠪᠣᠰᠤ ᠪᠣᠤ ᠣᠨᠠᠭᠠᠭᠠᠷᠠᠢ
ᠨᠠᠪᠴᠢ ᠣᠨᠠᠬᠤ ᠳᠤ ᠨᠢᠯᠪᠣᠰᠤ ᠪᠣᠤ ᠣᠨᠠᠭᠠᠭᠠᠷᠠᠢ
ᠨᠠᠢ᠌ᠷᠠᠭ ᠤᠨ ᠪᠠᠳᠠᠭ ᠭᠡᠯᠭᠢᠵᠤ
ᠨᠠᠮᠤᠷ ᠤᠨ ᠥᠩᠭᠡ ᠪᠠᠷ ᠰᠢᠯᠦᠭᠯᠡᠭᠡᠷᠡᠢ
ᠢᠷᠭᠤᠢ ᠨᠢᠳᠤᠯᠠᠵᠤ ᠨᠤᠭᠤᠭ᠎ᠠ ᠰᠤᠶᠤᠭᠠᠯᠠᠬᠤ ᠶᠢᠨ ᠠᠰᠠᠪᠠᠷ
ᠨᠠᠮᠳᠠᠭᠤᠬᠠᠨ ᠭᠦᠯᠦᠭᠡᠯᠡᠭᠦ ᠨᠠᠪᠴᠢᠰ ᠲᠤ ᠪᠠᠶᠠᠰᠤᠭᠠᠷᠠᠢ
ᠣᠷᠴᠢᠯᠠᠩ ᠤᠨ ᠶᠤᠰᠤ ᠬᠠᠳᠠᠭᠤ ᠶᠤᠮ ᠡ
ᠣᠯᠤᠭᠰᠠᠨ ᠬᠤᠷᠤᠮ ᠶᠢᠡᠨ ᠬᠠᠢ᠌ᠷᠠᠯᠠᠭᠠᠷᠠᠢ
ᠨᠠᠪᠴᠢ ᠣᠨᠠᠬᠤ ᠳᠤ ᠨᠢᠯᠪᠣᠰᠤ ᠪᠣᠤ ᠣᠨᠠᠭᠠᠭᠠᠷᠠᠢ
ᠨᠠᠪᠴᠢ ᠣᠨᠠᠬᠤ ᠳᠤ ᠨᠢᠯᠪᠣᠰᠤ ᠪᠣᠤ ᠣᠨᠠᠭᠠᠭᠠᠷᠠᠢ
ᠨᠣᠢ᠌ᠳᠠᠨ ᠵᠢᠪᠠᠷ ᠰᠠᠩᠭᠢᠨᠠᠵᠤ
ᠬᠠᠪᠣᠷ ᠪᠣᠯᠬᠤ ᠶᠢ ᠪᠣᠳᠤᠭᠠᠷᠠᠢ
ᠨᠠᠭᠤᠷ ᠤᠨ ᠳᠤᠯᠢᠶ᠎ᠠ ᠴᠡᠩᠭᠡᠷᠳᠤᠨ
ᠭᠠᠯᠠᠭᠤᠳ ᠢᠷᠡᠭᠦ ᠶᠢᠨ ᠠᠰᠠᠪᠠᠷ
ᠨᠤᠭᠤᠭᠠᠷᠠᠨ ᠁ ᠴᠡᠯᠭᠡᠷᠡᠨ ᠁
ᠨᠤᠳᠤᠭ ᠶᠢᠡᠨ ᠭᠤᠶᠤᠳᠠᠭ ᠢ ᠰᠠᠨᠠᠭᠠᠷᠠᠢ
ᠨᠠᠪᠴᠢ ᠣᠨᠠᠬᠤ ᠳᠤ ᠨᠢᠯᠪᠣᠰᠤ ᠪᠣᠤ ᠣᠨᠠᠭᠠᠭᠠᠷᠠᠢ
《ᠭᠢᠯᠢᠴᠢᠳ》 2009.4
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2841
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ