☆ ᠵᠢ᠊·ᠠᠩᠭᠢᠷ
ᠡᠬᠡ ᠤᠷᠤᠨ
ᠳᠡᠭᠡᠳᠤ ᠶᠢᠨ ᠰᠤᠷᠭᠠᠯ ᠬᠠᠢ᠌ᠷᠠᠯᠠᠭᠰᠠᠨ ᠠᠠᠳᠠ ᠶᠢᠨ ᠪᠠᠷᠢᠯᠳᠤᠯᠭ᠎ᠠ ᠲᠡᠶ
ᠳᠡᠯᠡᠭᠡᠢ ᠶᠢᠨ ᠰᠤᠨᠤᠷ ᠰᠡᠷᠭᠦᠭ᠍ᠰᠡᠨ ᠠᠭᠳᠠ ᠶᠢᠨ ᠳᠦᠪᠠᠷᠭᠡᠨ ᠲᠡᠶ
ᠳᠡᠭ᠍ᠷᠢ ᠭᠠᠵᠠᠷ ᠢ ᠭᠤᠤᠯᠯᠠᠵᠤ ᠪᠣᠰᠤᠭᠰᠠᠨ ᠪᠣᠷᠬᠠᠨ ᠨᠠᠷᠠ ᠲᠡᠶ
ᠳᠠᠮᠤᠵᠢᠨ ᠬᠠᠰᠠᠷ ᠢ ᠳᠦᠷᠦᠭᠦᠯᠵᠤ ᠥᠰᠭᠡᠭ᠍ᠰᠡᠨ ᠥᠷᠯᠦᠭ᠌ ᠡᠵᠢ ᠲᠡᠶ
ᠳᠠᠷᠤᠭᠳᠠᠰᠢ ᠦᠭᠡᠶ ᠬᠠᠳᠠᠨ ᠳᠡᠭ᠍ᠷᠢᠯᠢᠭ᠌ ᠬᠠᠷ᠎ᠠ ᠰᠦᠯᠳᠡ ᠲᠡᠶ
ᠳᠠᠪᠬᠤᠴᠠᠰᠢ ᠦᠭᠡᠶ ᠭᠣᠢ᠌ᠳᠠ ᠣᠶᠠᠩᠭ᠋᠎ᠠ ᠳᠠᠭᠤᠤ ᠴᠤᠤᠷᠢᠶ᠎ᠠ ᠲᠡᠶ
ᠠᠯᠳᠠᠷᠠᠬᠤ ᠨᠠᠷᠠᠨ ᠤ ᠳᠤᠶᠠᠭᠠᠨ ᠳᠤ ᠢᠳᠡᠭᠡᠯ ᠬᠤᠷᠣᠢ᠌ᠯᠠᠭᠰᠠᠨ ᠨᠤᠳᠤᠭ
ᠠᠮᠢᠳᠤᠷᠠᠬᠤ ᠨᠠᠰᠤᠨ ᠤ ᠵᠠᠶᠠᠭᠠᠨ ᠳᠤ ᠰᠠᠤᠠᠭᠢᠯ ᠭᠦᠭᠯᠡᠭ᠍ᠰᠡᠨ ᠣᠷᠤᠨ
ᠬᠠᠭᠤᠴᠢ ᠭᠦᠭᠡᠷᠳᠡᠭ᠌ ᠡᠪᠦᠭᠡᠴᠦᠳ ᠤᠨ ᠠᠮᠢᠳᠤᠷᠠᠯ ᠳᠠᠨᠢᠭᠤᠯᠤᠭᠰᠠᠨ
ᠬᠠᠨᠢ ᠳᠠᠭᠠᠨ ᠵᠤᠷᠢᠭᠰᠠᠨ ᠭᠡᠦᠭᠡᠡᠴᠦᠳ ᠤᠨ ᠬᠠᠢ᠌ᠷ᠎ᠠ ᠪᠣᠯᠢᠶᠠᠭᠰᠠᠨ
ᠬᠤᠷᠸ᠎ᠠ ᠶᠢᠨ ᠲᠦᠮᠡᠨ ᠲᠡᠶ ᠮᠠᠠᠳᠤ ᠶᠢᠨ ᠴᠠᠭᠠᠨ ᠬᠠᠳᠠᠭ ᠵᠥᠷᠢᠭᠦᠯᠦᠭ᠍ᠰᠡᠨ
ᠬᠤᠯᠠ ᠶᠢᠨ ᠭᠦᠷᠤᠨ ᠲᠡᠶ ᠳᠠᠨᠢᠯᠴᠠᠬᠤ ᠰᠠᠤᠠᠭᠢᠯ ᠤᠨ ᠠᠯᠠᠭ᠎ᠠ ᠳᠡᠯᠭᠡᠭ᠍ᠰᠡᠨ
ᠳᠡᠢ᠌ᠯᠦᠭ᠍ᠳᠡᠰᠢ ᠦᠭᠡᠶ ᠨᠢᠭᠤᠴᠠ ᠭᠦᠷᠳᠦᠳᠤ ᠳᠡᠦᠭᠡ ᠶᠢᠨ ᠣᠯᠠ ᠲᠡᠶ
ᠳᠡᠢ᠌ᠯᠦᠭ᠍ᠳᠡᠰᠢ ᠦᠭᠡᠶ ᠦᠨᠡᠨ ᠭᠦᠮᠤᠨ ᠴᠢᠯᠠᠭᠤ ᠶᠢᠨ ᠵᠤᠯᠠ ᠲᠡᠶ
ᠠᠯᠳᠠᠷᠠᠬᠤ ᠨᠠᠷᠠᠨ ᠤ ᠳᠤᠶᠠᠭᠠᠨ ᠳᠤ ᠬᠠᠢ᠌ᠷ᠎ᠠ ᠢᠪᠠᠭᠡᠭ᠍ᠰᠡᠨ ᠨᠤᠳᠤᠭ
ᠠᠮᠢᠳᠤᠷᠠᠬᠤ ᠨᠠᠰᠤᠨ ᠤ ᠵᠠᠶᠠᠭᠠᠨ ᠳᠤ ᠪᠣᠳᠤᠯ ᠠᠷᠢᠭᠤᠰᠬᠠᠭᠰᠠᠨ ᠣᠷᠤᠨ
ᠴᠡᠯᠮᠡᠭ᠌ ᠠᠭᠠᠷ ᠡᠴᠡ ᠨᠢ ᠡᠭ᠍ᠰᠢᠷᠡᠨ ᠬᠠᠩᠬᠤᠯᠠᠬᠤ ᠰᠦ᠋ ᠶᠢᠨ ᠦᠨᠦᠷ ᠲᠡᠶ
ᠴᠡᠩᠭᠡᠷ ᠳᠡᠭ᠍ᠷᠢ ᠡᠴᠡ ᠨᠢ ᠠᠰᠬᠠᠷᠠᠨ ᠪᠠᠭᠤᠬᠤ ᠭᠦᠯᠦᠭ᠌ ᠤᠨ ᠳᠤᠭᠤᠰᠤ ᠲᠡᠶ
ᠴᠡᠯᠡᠭᠡᠷ ᠳᠠᠯ᠎ᠠ ᠡᠴᠡ ᠨᠢ ᠢᠷᠠᠯᠵᠠᠨ ᠳᠡᠭ᠍ᠳᠡᠭᠦ ᠠᠮᠢᠳᠤ ᠵᠡᠷᠭᠡᠯᠭᠡᠨ ᠲᠡᠶ
ᠴᠡᠭᠡᠯᠭᠡᠨ ᠭᠦᠡᠳᠡᠢ ᠡᠴᠡ ᠨᠢ ᠰᠠᠷᠠᠪᠴᠢᠯᠠᠨ ᠭᠦᠯᠢᠶᠡᠭᠦ ᠡᠵᠢ ᠶᠢᠨ ᠪᠠᠷ᠎ᠠ ᠲᠡᠶ
ᠰᠢᠷᠭᠢᠰᠢ ᠦᠭᠡᠶ ᠠᠷᠢᠭᠤᠨ ᠮᠥᠩᠭᠡ ᠶᠢᠨ ᠢᠷᠦᠭᠡᠯ ᠲᠡᠶ
ᠰᠢᠯᠵᠢᠰᠢ ᠦᠭᠡᠢ ᠳᠠᠷᠬᠠᠨ ᠡᠩᠭᠡ ᠶᠢᠨ ᠰᠢᠳᠦᠭᠡᠨ ᠲᠡᠶ
ᠠᠯᠳᠠᠷᠠᠬᠤ ᠨᠠᠷᠠᠨ ᠤ ᠳᠤᠶᠠᠭᠠᠨ ᠳᠤ ᠵᠢᠷᠭᠠᠯ ᠲᠡᠳᠬᠦᠭ᠍ᠰᠡᠨ ᠨᠤᠳᠤᠭ
ᠠᠮᠢᠳᠤᠷᠠᠬᠤ ᠨᠠᠰᠤᠨ ᠤ ᠵᠠᠶᠠᠭᠠᠨ ᠳᠤ ᠭᠡᠢ᠌ᠮᠦᠷᠢ ᠪᠣᠰᠬᠠᠭᠰᠠᠨ ᠣᠷᠤᠨ
(《ᠦᠨᠢᠷ ᠴᠡᠴᠡᠭ᠌》 ᠰᠡᠳᠭᠦᠯ ᠤᠨ 2006 ᠣᠨ ᠤ ᠬᠤᠶᠠᠳᠤᠭᠠᠷ ᠬᠤᠭᠤᠴᠠᠭ᠎ᠠ ᠳᠤ ᠨᠡᠢ᠌ᠳᠡᠯᠡᠭ᠍ᠳᠡᠪᠡ)
ᠵᠤᠬᠢᠶᠠᠭᠴᠢ ᠶᠢᠨ ᠳᠤᠬᠠᠢ᠄ ᠵᠢ᠊·ᠠᠩᠭᠢᠷ᠂ ᠲᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠭᠦᠮᠤᠨ᠂ ᠣᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠰᠢᠡᠵᠢᠯᠡᠭᠦ ᠣᠬᠠᠭᠠᠨ ᠤ ᠭᠦᠷᠢᠶᠡᠯᠡᠩ ᠤᠨ 2003 ᠣᠨ ᠤ ᠮᠤᠩᠭ᠋ᠤᠯ ᠠᠩᠭᠢ ᠳᠤ ᠰᠤᠷᠤᠯᠴᠠᠵᠤ ᠪᠠᠢ᠌ᠨ᠎ᠠ᠃
ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 7092
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ