ᠨᠡᠪᠲᠡᠷᠡᠨ ᠤᠷᠤᠬᠤ
ᠬᠠᠷ᠎ᠠ ᠨᠢᠳᠤᠨ ᠴᠢᠮᠢ᠋ᠢ

ᠬᠠᠷ᠎ᠠ ᠨᠢᠳᠤᠨ ᠴᠢᠮᠢ᠋ᠢ

ᠬᠠᠢ᠌ᠷᠠᠯᠠᠭᠰᠠᠨ ᠮᠢᠨᠢ ᠪᠣᠷᠤᠭᠤ ᠥᠭᠡᠢ

ᠬᠠᠨᠢ ᠶᠢᠨ ᠨᠢᠭᠡ ᠵᠢᠪᠠᠷ ᠪᠣᠯᠵᠤ

ᠬᠠᠮᠳᠤᠷᠠᠭᠰᠠᠨ ᠮᠠᠨᠢ ᠵᠥᠷᠢᠭᠦᠤ ᠥᠭᠡᠢ

ᠡᠭᠦᠯᠡᠰ ᠨᠢ ᠳᠡᠭᠡᠭᠦᠷ ᠬᠤᠯᠪᠣᠯᠳᠠᠭᠰᠠᠨ

ᠦᠷ᠎ᠡ ᠮᠥᠩᠭᠡ ᠬᠤᠷᠸ᠎ᠠ ᠳᠡᠭᠡᠷ᠎ᠡ

ᠣᠢ᠌ᠯᠠᠰ ᠤᠨ ᠨᠢᠭᠡ ᠰᠢᠪᠠᠭᠤ ᠪᠣᠯᠵᠤ

ᠠᠯᠤᠰ ᠤᠨ ᠠᠶᠠᠯᠠᠯ ᠢ ᠡᠪᠭᠡᠭ᠍ᠰᠡᠨ ᠮᠠᠨᠢ ᠵᠢᠷᠭᠠᠯ ᠯᠠ︕

ᠬᠠᠷ᠎ᠠ ᠨᠢᠳᠤᠨ ᠴᠢᠮ᠎ᠠ ᠳᠠᠢ

ᠳᠠᠩᠭ᠋ᠠᠷᠢᠭᠯᠠᠭᠰᠠᠨ ᠮᠢᠨᠢ ᠵᠦᠪ ᠯᠠ

ᠳᠤᠭᠤᠵᠤ ᠬᠠᠨᠢᠯᠠᠭᠰᠠᠨ ᠴᠢᠮ᠎ᠠ ᠲᠡᠶ ᠪᠠᠨ

ᠳᠠᠪᠠᠵᠤ ᠠᠯᠳᠠᠬᠤ ᠳᠠᠪᠢᠯᠠᠩ ᠊᠊᠊᠊᠊᠊᠊᠊᠊᠊᠊᠊᠊᠊᠊

ᠳᠠᠯᠠᠢ ᠰᠢᠭ ᠴᠡᠩᠭᠡᠷ ᠠᠮᠢᠳᠤᠷᠠᠯ ᠳ᠋ᠤ

ᠳᠠᠷᠪᠠᠭᠤᠯ ᠶᠢᠡᠨ ᠪᠣᠰᠬᠠᠵᠤ ᠶᠠᠪᠣᠬᠤ ᠳ᠋ᠠᠭᠠᠨ

ᠳᠠᠯᠠᠨ ᠳᠤᠬᠤᠢ ᠳᠠᠪᠠᠯᠭᠠᠨ ᠡᠴᠡ

ᠳᠠᠯᠳᠢᠷᠠᠵᠤ ᠶᠠᠷᠤ ᠨᠢ ᠥᠩᠭᠡᠷᠡᠭᠡᠳ ᠥᠭᠡᠢ

ᠨᠠᠶ‍ᠠᠨ ᠳᠠᠪᠬᠤᠷ ᠠᠶᠤᠮᠰᠢᠭ ᠡᠴᠡ

ᠨᠠᠢ᠌ᠭᠤᠵᠤ ᠶᠠᠷᠤ ᠨᠢ ᠴᠤᠬᠤᠷᠢᠭᠠᠤᠨ ᠥᠭᠡᠢ

ᠪᠦᠳᠦᠭᠡᠯ ᠨᠢ ᠡᠵᠡᠨ ᠵᠢᠠᠨ

ᠭᠤᠯᠤᠳᠠᠭ ᠦᠭᠡᠶ ᠬᠣᠢ᠌ᠨ᠎ᠠ

ᠪᠦᠳᠦᠷᠢᠭ᠍ᠰᠡᠨ ᠭᠠᠵᠠᠷ ᠡᠴᠡ ᠪᠠᠨ

ᠴᠢᠯᠠᠭᠤ ᠠᠳᠬᠤᠨ ᠪᠣᠰᠴᠤ

ᠪᠣᠰᠬᠠᠬᠤ ᠭᠡᠷ ᠲᠡᠭᠡᠨ ᠰᠠᠭᠤᠷᠢ ᠪᠣᠯᠭᠠᠵᠤ

ᠪᠦᠯᠭᠦᠮᠳᠡᠯ ᠬᠠᠮᠳᠤᠷᠠᠯ ᠤᠨ ᠴᠤᠭᠴᠠ ᠪᠣᠯᠵᠤ

ᠬᠠᠷ᠎ᠠ ᠨᠢᠳᠤᠨ ᠴᠢᠮ᠎ᠠ ᠲᠡᠶ ᠪᠠᠨ

ᠬᠠᠭᠠᠴᠠᠰᠢ ᠦᠭᠡᠶ ᠠᠮᠢᠳᠤᠷᠬᠤ ᠨᠢ ᠵᠢᠷᠭᠠᠯ ᠯᠠ︕


2003 ᠣᠨ

ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2883
ᠴᠠᠭ᠄ 2009 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ