ᠨᠡᠪᠲᠡᠷᠡᠨ ᠤᠷᠤᠬᠤ
ᠮᠢᠨᠤ ᠡᠭᠡ ᠭᠡᠯᠡ

ᠮᠢᠨᠤ ᠡᠭᠡ ᠭᠡᠯᠡ

ᠮᠢᠩᠭ᠋ᠠᠨ ᠣᠨ ᠤ ᠴᠠᠭᠠᠨ᠎ᠠ ᠡᠴᠡ

ᠮᠥᠩᠭᠡ ᠳᠡᠭ᠍ᠷᠢ ᠶᠢᠨ ᠭᠦᠴᠤᠨ ᠪᠣᠯᠵᠤ

ᠭᠦᠭᠡ ᠮᠤᠩᠭ᠋ᠤᠯ ᠤᠨ ᠥᠡᠳᠦᠷᠯᠢᠭ᠌ ᠶᠢᠡᠷ ᠢᠰᠭᠢᠷᠴᠤ ᠶᠠᠪᠣᠳᠠᠭ

ᠬᠠᠨ ᠳᠡᠭ᠍ᠷᠢ ᠬᠠᠳᠠᠨ ᠪᠣᠰᠤᠭ᠎ᠠ ᠮᠤᠩᠭ᠋ᠤᠯ ᠭᠡᠯᠡ ᠮᠦᠨ᠂

ᠮᠤᠩᠭ᠋ᠤᠯ ᠭᠡᠭᠦ ᠡᠨᠡ ᠰᠠᠢ᠌ᠬᠠᠨ ᠭᠡᠯᠡ ᠪᠠᠷ ᠶᠢᠡᠨ ᠶ‍ᠢᠷᠳᠢᠠᠴᠤ ᠶᠢᠨ ᠭᠦᠮᠤᠨ ᠳᠤ ᠳᠠᠨᠢᠭᠳᠠᠵᠤ᠂

ᠮᠤᠩᠭ᠋ᠤᠯ ᠭᠡᠭᠦ ᠡᠨᠡ ᠰᠠᠢ᠌ᠬᠠᠨ ᠭᠡᠯᠡ ᠲᠡᠶ ᠳᠠᠭᠠᠨ

ᠳᠠᠪᠤᠨ ᠳᠢᠪ ᠲᠤ ᠠᠯᠳᠠᠨ ᠣᠭᠰᠠᠭᠠᠳᠠᠨ ᠭᠡᠵᠤ ᠣᠮᠤᠭᠰᠢᠭᠤᠯᠳᠠᠭ᠃

ᠮᠤᠩᠭ᠋ᠤᠯ ᠭᠡᠭᠦ ᠨᠢᠭᠡᠨ ᠦᠨᠳᠦᠰᠦᠳᠠᠨ ᠶ‍ᠢᠷᠳᠢᠠᠴᠤ ᠳ᠋ᠤ ᠮᠡᠡᠳᠦᠯᠡᠭ᠍ᠰᠡᠨ ᠡᠴᠡ

ᠭᠢᠶᠠᠨ ᠨᠤᠳᠤᠭ ᠤᠨ ᠪᠠᠭᠠᠳᠤᠷ ᠳᠡᠦᠭᠡ ᠳᠤᠮᠤᠭᠯᠠᠭᠳᠠᠨ

ᠨᠢᠭᠡᠨ ᠦᠶ᠎ᠡ ᠶᠢᠨ ᠳᠡᠭ᠍ᠷᠢᠯᠢᠭ᠌ ᠭᠦᠪᠠᠭᠦᠨ ᠊᠊᠊᠊᠊᠊᠊᠊᠊᠊᠊᠊᠊᠊᠊ ᠴᠢᠩᠭᠢᠰ ᠬᠠᠭᠠᠨ

ᠠᠽᠢ ᠶᠢᠨ ᠴᠡᠭᠡᠵᠢᠨ ᠳᠤ ᠭᠢᠰᠭᠢᠯᠠᠵᠤ ᠠᠯᠳᠠᠨ ᠳᠡᠯᠡᠭᠡᠢ ᠶᠢ ᠳᠤᠩᠰᠤᠯᠭᠠᠭᠰᠠᠨ

ᠡᠵᠡᠨ ᠴᠢᠩᠭᠢᠰ ᠮᠢᠨᠢ ᠡᠭᠡ ᠭᠡᠯᠡ ᠪᠠᠷ ᠶᠢᠡᠨ ᠶᠠᠷᠢᠳᠠᠭ ᠪᠠᠢ᠌ᠭᠰᠠᠨ

ᠡᠷᠡᠯᠭᠡᠭ᠌ ᠪᠠᠭᠠᠳᠤᠷᠴᠤᠳ ᠵᠢᠠᠨ ᠮᠤᠩᠭ᠋ᠤᠯ ᠶᠢᠡᠷ ᠶᠢᠡᠨ ᠵᠠᠭᠢᠳᠠᠭ ᠪᠠᠢ᠌ᠭᠰᠠᠨ

ᠡᠩᠭᠦᠷᠡᠢ ᠦᠷ᠎ᠡ ᠶᠢ ᠪᠠᠨ ᠮᠤᠩᠭ᠋ᠤᠯ ᠶᠢᠡᠷ ᠶᠢᠡᠨ ᠰᠤᠷᠭᠠᠳᠠᠭ ᠪᠠᠢ᠌ᠭᠰᠠᠨ᠃

ᠠᠷᠪᠠᠨ ᠭᠤᠷᠪᠠᠳᠤᠭᠠᠷ ᠵᠠᠭᠤᠨ ᠤ ᠠᠬᠤᠢ ᠠᠮᠢᠳᠤᠷᠠᠯ ᠳᠤ ᠰᠥᠰᠦᠭᠯᠡᠵᠤ

ᠠᠯᠳᠠᠨ ᠳᠡᠯᠡᠭᠡᠢ ᠳ᠋ᠤ ᠮᠤᠩᠭ᠋ᠤᠯ ᠭᠡᠵᠤ ᠪᠢ ᠲᠦᠷᠦᠯ᠎ᠠ᠂

ᠠᠯᠤᠨ ᠭᠤᠸ᠎ᠠ ᠡᠭᠡ ᠶᠢᠨ ᠭᠦᠨ ᠰᠤᠷᠭᠠᠯ ᠳᠤ ᠰᠢᠳᠤᠵᠤ

ᠠᠤᠠᠬᠤ ᠰᠤᠮᠤᠨ ᠤ ᠭᠢᠨᠢ ᠪᠠᠭᠢ ᠭᠡᠳᠡᠭ᠌ ᠢ ᠨᠢ ᠣᠬᠠᠯ᠎ᠠ

ᠪᠢᠳᠠᠨ ᠳᠤ ᠳᠡᠯᠡᠭᠡᠢ ᠠᠭᠤᠳᠠᠮ ᠳᠠᠯ᠎ᠠ ᠲᠡᠶ ᠪᠠᠢ᠌ᠭᠰᠠᠨ

ᠳᠡᠭᠡᠷ᠎ᠡ ᠨᠢ ᠳᠠᠯ᠎ᠠ ᠳᠦᠭᠦᠷᠡᠩ ᠰᠥᠷᠦᠭ᠌ ᠲᠡᠶ ᠠᠮᠢᠳᠤᠷᠠᠭᠰᠠᠨ᠂

ᠬᠠᠳᠤᠨ ᠭᠤᠤᠯ ᠤᠨ ᠣᠷᠤᠰᠬᠠᠯ ᠰᠢᠭ᠌ ᠭᠡᠵᠢᠶᠡᠳᠡ ᠳᠡᠰᠦᠷᠡᠰᠢ ᠥᠭᠡᠢ ᠰᠦ᠋ ᠲᠡᠶ ᠪᠠᠢ᠌ᠭᠰᠠᠨ

ᠬᠠᠨ ᠳᠡᠭ᠍ᠷᠢ ᠶᠢ ᠰᠢᠳᠦᠳᠡᠭ᠌ ᠴᠢᠩᠭᠢᠰ ᠤᠨ ᠭᠠᠭᠴᠠᠬᠠᠨ ᠰᠦᠯᠳᠡ ᠲᠡᠶ ᠪᠠᠢ᠌ᠭᠰᠠᠨ᠂

ᠠᠷᠪᠠᠨ ᠭᠤᠷᠪᠠᠳᠤᠭᠠᠷ ᠵᠠᠭᠤᠨ ᠠᠭᠢᠭᠠᠤᠨ ᠢᠷᠡᠳᠡᠭ᠌ ᠥᠭᠡᠢ

ᠠᠯᠳᠠᠢ ᠬᠠᠩᠭ᠋ᠠᠢ ᠶᠢᠨ ᠭᠤᠪᠢ ᠪᠠᠷ

ᠠᠷᠤ ᠮᠤᠩᠭ᠋ᠤᠯ ᠤᠨ ᠰᠡᠷᠢᠭᠦᠨ ᠰᠠᠯᠭᠢ ᠪᠣᠯᠵᠤ ᠥᠩᠭᠡᠷᠡᠯ᠎ᠡ

ᠳᠡᠦᠭᠡ ᠪᠠᠨ ᠪᠢᠳᠠ ᠮᠤᠩᠭ᠋ᠤᠯ ᠶᠢᠡᠷ ᠶᠢᠡᠨ ᠶᠠᠷᠢᠵᠤ ᠮᠤᠩᠭ᠋ᠤᠯ ᠶᠢᠡᠷ ᠶᠢᠡᠨ ᠪᠢᠴᠢᠵᠤ

ᠪᠠᠰᠠ᠂ ᠮᠤᠩᠭ᠋ᠤᠯ ᠶᠢᠡᠷ ᠶᠢᠡᠨ ᠳᠠᠭᠤᠯᠠᠭᠤᠯᠵᠤ ᠪᠠᠢ᠌ᠨ᠎ᠠ᠃

ᠳᠡᠭᠡᠪᠠᠴᠤ ᠣᠳᠤ 《ᠣᠬᠠᠭᠠᠠᠳᠤ ᠭᠦᠮᠤᠨ》 ᠲ᠋ᠡᠩᠳᠡ ᠵᠤᠵᠠᠭᠠᠷᠠᠵᠤ

ᠣᠳᠤᠮᠳᠤ ᠦᠨᠳᠦᠰᠦᠳᠠᠨ ᠤ ᠪᠠᠨ ᠡᠭᠡ ᠭᠡᠯᠡ ᠪᠠᠨ ᠶᠠᠷᠢᠬᠤ ᠪᠠᠨ ᠪᠠᠢ᠌ᠵᠤ

ᠣᠷᠢᠳᠤ ᠰᠦᠨᠢ ᠬᠠᠯᠬᠠᠴᠤᠳ ᠶᠢᠡᠷ 《ᠬᠤᠵᠡ》 ᠭᠡᠵᠤ ᠬᠠᠷᠢᠶᠠᠯᠭᠠᠳᠠᠭ ᠪᠣᠯᠤᠭᠰᠠᠨ

ᠦᠪᠡᠷ ᠵᠢᠠᠨ ᠪᠠᠢ᠌ᠳᠠᠭ ᠠᠰᠭᠠᠨ ᠭᠡᠯᠡ ᠪᠠᠨ

ᠥᠷᠦᠭᠡᠯ ᠪᠣᠰᠤᠳ ᠤᠨ ᠬᠠᠵᠠᠭᠠᠢ ᠭᠡᠯᠡ ᠪᠠᠷ ᠣᠷᠤᠭᠤᠯᠤᠨ

ᠦᠷ᠎ᠡ ᠶᠢᠨ ᠭᠠᠭᠴᠠᠬᠠᠨ ᠭᠦᠤ ᠶᠢ ᠪᠠᠨ

ᠭᠦᠮᠤᠨ ᠤ ᠡᠭᠦᠳᠡ ᠪᠠᠷ ᠮᠥᠩᠭᠦ ᠪᠠ ᠪᠠᠯᠡᠭ᠌ ᠲᠡᠶ ᠰᠢᠷᠭᠠᠭᠤᠯᠴᠢᠬᠠᠭᠠᠤᠨ

ᠦᠪᠡᠷ ᠢ ᠪᠠᠨ ᠴᠢᠳᠠᠵᠤ ᠪᠠᠢ᠌ᠨ᠎ᠠ ᠭᠡᠳᠡᠭ᠌ ᠭᠦᠮᠤᠨ ᠢ ᠪᠢ ᠮᠤᠩᠭ᠋ᠤᠯ ᠭᠡᠵᠤ ᠳᠠᠭᠤᠳᠠᠬᠤ ᠥᠭᠡᠢ

ᠮᠤᠩᠭ᠋ᠤᠯ ᠭᠡᠯᠡ ᠲᠡᠶ ᠠᠯᠳᠠᠨ ᠣᠭᠰᠠᠭᠠᠳᠠᠨ ᠭᠡᠵᠤ ᠭᠡᠯᠡᠵᠤ ᠴᠢᠳᠠᠬᠤ ᠥᠭᠡᠢ

ᠪᠢ᠂ ᠡᠵᠡᠨ ᠴᠢᠩᠭᠢᠰ ᠢ ᠪᠠᠨ ᠰᠢᠳᠤᠨ ᠮᠥᠷᠭᠦᠳᠡᠭ᠌

ᠣᠢ᠌ᠭᠤᠷ ᠭᠦᠮᠤᠨ ᠳᠠᠳᠠᠳᠤᠩᠭ᠋᠎ᠠ ᠶᠢ ᠰᠢᠳᠦᠳᠡᠭ᠌ ᠶᠤᠮ

ᠪᠢ᠂ ᠡᠴᠢᠭᠡ ᠶᠢ ᠪᠠᠨ ᠰᠢᠳᠤᠨ ᠪᠢᠰᠢᠷᠡᠳᠡᠭ᠌ ᠶᠤᠮ

ᠳᠤᠬᠤᠢ ᠶᠢᠨ ᠴᠢᠨᠡᠭᠡᠨ ᠣᠯᠠᠭᠠᠨ ᠨᠢᠯᠬ᠎ᠠ ᠪᠠᠢ᠌ᠭᠰᠠᠨ ᠦᠶ᠎ᠡ ᠡᠴᠡ

ᠳᠤᠭ᠎ᠠ ᠦᠭᠡᠶ ᠣᠯᠠᠨ ᠮᠤᠩᠭ᠋ᠤᠯ ᠶᠢᠡᠷ ᠶᠢᠡᠨ ᠶᠠᠷᠢᠵᠤ ᠪᠠᠢ᠌ᠭᠰᠠᠨ

ᠳᠤᠮᠤᠭᠠᠳᠠᠢ ᠪᠣᠯᠤᠭᠠᠤᠨ ᠳᠤᠯᠭ᠎ᠠ ᠵᠢᠨ ᠭᠠᠯ ᠶᠢᠡᠨ ᠪᠠᠳᠠᠷᠭᠠᠵᠤ

ᠲᠦᠷᠦᠯᠭᠢ ᠭᠡᠯᠡ ᠪᠠᠷ ᠵᠢᠠᠨ ᠠᠮᠢᠳᠤᠷᠠᠵᠤ ᠣᠷᠤᠰᠢ ᠭᠡᠵᠤ ᠵᠠᠭᠢᠳᠠᠭ ᠪᠠᠢ᠌ᠭᠰᠠᠨ

ᠪᠢ᠂ ᠪᠠᠶᠠᠨ ᠭᠡᠷᠭᠡᠮᠳᠡᠨ ᠤ ᠡᠭᠦᠳᠡᠨ ᠳᠤ ᠤᠴᠢᠵᠤ ᠮᠥᠩᠭᠦ ᠵᠤᠭᠤᠰ ᠭᠤᠶᠤᠭ᠎ᠠ ᠥᠭᠡᠢ

ᠪᠠᠳᠠᠷᠢᠴᠢᠨ ᠪᠣᠯᠵᠤ ᠭᠦᠮᠤᠨ ᠪᠦᠭᠦᠨ ᠤ ᠡᠮᠡᠨ᠎ᠡ ᠳᠤᠯᠤᠭᠠᠢ ᠮᠥᠭᠦᠢ᠌ᠭᠡ ᠥᠭᠡᠢ

ᠨᠠᠳᠠᠳᠤ ᠶᠠᠭᠤ ᠴᠤ ᠪᠠᠢ᠌ᠭ᠎ᠠ ᠦᠭᠡᠶ ᠴᠤ

ᠨᠠᠳᠠᠳᠤ ᠠᠮᠢᠳᠤ ᠪᠣᠰᠤᠭ᠎ᠠ ᠮᠤᠩᠭ᠋ᠤᠯ ᠭᠡᠯᠡ ᠪᠣᠢ︕

ᠪᠣᠳᠤᠪᠠᠯ ᠪᠠᠰᠠ ᠭᠦᠭᠡᠷᠦᠭᠦᠢ ᠶᠤᠮ ᠡ

ᠮᠠᠠᠵᠤ ᠶᠢᠨ ᠨᠤᠳᠤᠭ ᠲᠡᠶ ᠭᠦᠭ᠍ᠰᠢᠨ ᠡᠵᠢ ᠵᠢᠨ

ᠮᠠᠨ ᠳᠤ ᠣᠳᠤ ᠡᠭᠡ ᠭᠡᠯᠡ ᠪᠠᠢ᠌ᠬᠤ ᠪᠠᠨ ᠪᠣᠯᠢᠯ᠎ᠠ ᠰᠢᠤ ᠭᠡᠵᠤ

ᠬᠤᠭᠤᠯᠠᠢ ᠨᠢ ᠴᠠᠴᠠᠷᠭᠢᠯᠠᠵᠤ ᠳᠠᠭᠤᠨ ᠨᠢ ᠵᠠᠩᠭᠢᠤᠠᠴᠤ᠂ ᠨᠢᠯᠪᠣᠰᠤᠨ ᠪᠦᠮᠪᠦᠷᠢᠵᠤ ᠪᠠᠢ᠌ᠭᠰᠠᠨ

ᠬᠠᠢ᠁

ᠣᠳᠤ ᠬᠠᠷᠢᠨ ᠰᠠᠢ᠌ᠬᠠᠨ ᠪᠣᠯᠴᠢᠬᠠᠭᠰᠠᠨ

ᠡᠩᠭᠡ ᠳᠠᠢ᠌ᠪᠣᠩ ᠤᠨ ᠲ᠋ᠤᠭ ᠨᠠᠮᠢᠷᠠᠵᠤ

ᠡᠶ᠎ᠡ ᠵᠤᠭᠢᠴᠠᠯ ᠤᠨ ᠲ᠋ᠠᠭᠤᠨ ᠬᠠᠩᠭᠢᠨᠠᠵᠤ

ᠡᠭᠡ ᠣᠷᠤᠨ ᠮᠠᠨ ᠤ ᠡᠮᠦᠨ᠎ᠡ ᠡᠴᠡ ᠭᠠᠷ ᠳᠠᠯᠯᠤᠬᠠᠨ ᠪᠠᠢ᠌ᠵᠤ

ᠪᠢᠳᠠ ᠡᠵᠢ ᠡᠭᠡ ᠣᠷᠤᠨ ᠬᠤᠶᠠᠷ ᠲᠠᠭᠠᠨ ᠶᠠᠭᠤ ᠪᠠᠨ ᠡᠷᠭᠦᠨ᠎ᠡ ᠪᠤᠢ︖

ᠦᠨᠦᠳᠤᠷ᠂ ᠪᠢ ᠳᠠᠨ ᠢ ᠰᠢᠳᠤᠶ᠎ᠠ︕

ᠮᠠᠷᠭᠠᠰᠢ ᠪᠢ᠂ ᠮᠦᠨ ᠳᠠᠨ ᠢ ᠰᠢᠳᠤᠶ᠎ᠠ︕

ᠡᠭᠡ ᠭᠡᠯᠡ ᠪᠠᠷ ᠶᠢᠡᠨ ᠠᠮᠢᠳᠤᠷᠠᠵᠤ ᠣᠷᠴᠢᠵᠤ ᠪᠠᠢ᠌ᠭ᠎ᠠ

ᠭᠦᠮᠤᠨ ᠠᠷᠠᠤᠨ ᠢ ᠪᠠᠨ ᠭᠡᠵᠢᠶᠡᠳᠡ ᠰᠢᠳᠤᠶ᠎ᠠ︕

ᠮᠢᠨᠤ ᠡᠭᠡ ᠭᠡᠯᠡ

ᠮᠢᠩᠭ᠋ᠠᠨ ᠣᠨ ᠤ ᠴᠠᠭᠠᠨ᠎ᠠ ᠡᠴᠡ

ᠮᠥᠩᠭᠡ ᠲ᠋ᠡᠭ᠍ᠷᠢ ᠵᠢᠨ ᠭᠦᠴᠤᠨ ᠪᠣᠯᠵᠤ

ᠬᠠᠨ ᠳᠡᠭ᠍ᠷᠢ ᠬᠠᠳᠠᠨ ᠪᠣᠰᠤᠭ᠎ᠠ ᠮᠤᠩᠭ᠋ᠤᠯ ᠭᠡᠯᠡ ᠶᠤᠮ ᠡ︕


(2007᠂6᠂16)

ᠵᠤᠬᠢᠶᠠᠭᠴᠢ᠄ ᠰᠤ᠋·ᠠᠨᠢᠰᠤ
ᠢᠷᠡᠯᠲᠡ᠄ ᠰᠤ᠋·ᠠᠨᠢᠰᠤ
ᠬᠠᠷᠢᠶ᠎ᠠ᠄ ᠰᠢᠯᠦᠭ
ᠳᠠᠷᠤᠮ᠄ 35306
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ