☆ ᠬᠠᠷᠠᠨᠤᠳ ᠳᠦᠷᠤ ᠵᠠᠶᠠᠭ᠎ᠠ
ᠴᠢᠩᠭᠢᠰ ᠤᠨ ᠠᠳᠬᠤᠨ ᠳ᠋ᠠᠭᠢ ᠴᠢᠯᠠᠭᠤ
ᠪᠣᠴᠠᠵᠤ ᠢᠷᠡᠭ᠍ᠰᠡᠨ ᠪᠠᠭᠠᠳᠤᠷ ᠤᠨ ᠭᠠᠷ ᠲᠤ ᠴᠢᠯᠠᠭᠤ ᠪᠠᠢ᠌ᠭᠰᠠᠨ ᠶᠤᠮ
ᠪᠣᠶᠠᠠᠳᠤ ᠪᠣᠭᠤᠷᠤᠯ ᠬᠠᠳᠠᠨ ᠳᠤ ᠡᠭᠦᠷᠯᠡᠭ᠍ᠰᠡᠨ ᠪᠢᠯᠵᠤᠤᠬᠠᠢ ᠰᠢᠭ᠌ ᠪᠠᠢ᠌ᠭᠰᠠᠨ ᠶᠤᠮ
ᠪᠠᠶᠠᠨ ᠶᠡᠭᠡ ᠬᠠᠩᠭ᠋ᠠᠢ ᠶᠢᠨ ᠵᠢᠷᠦᠭᠡᠨ ᠳᠤ ᠰᠢᠩᠭᠡᠭ᠍ᠰᠡᠨ ᠪᠠᠭᠤᠴᠠ ᠨᠢ ᠪᠠᠢ᠌ᠭᠰᠠᠨ ᠶᠤᠮ
ᠪᠠᠷ᠎ᠠ ᠨᠢ ᠬᠤᠨᠤᠭᠰᠢᠭᠰᠠᠨ ᠠᠷᠢᠭᠤᠨ ᠳᠤᠩᠭ᠋ᠠᠯᠠᠭ ᠨᠤᠳᠤᠭ ᠨᠢ ᠪᠠᠢ᠌ᠭᠰᠠᠨ ᠶᠤᠮ᠂
ᠪᠣᠴᠠᠵᠤ ᠢᠷᠡᠭ᠍ᠰᠡᠨ ᠴᠡᠷᠢᠭ᠌ ᠤᠳ ᠴᠢᠯᠠᠭᠤ ᠳᠡᠭᠦᠭ᠍ᠰᠡᠨ ᠶᠤᠮ
ᠪᠣᠮ ᠲᠦᠮᠡᠨ ᠴᠢᠯᠠᠭᠤ ᠨᠢ ᠣᠪᠣᠭ᠎ᠠ ᠪᠣᠯᠤᠭᠰᠠᠨ ᠶᠤᠮ
ᠪᠦᠷᠭᠦᠭ᠌ ᠳᠡᠭ᠍ᠷᠢ ᠶᠢᠨ ᠴᠡᠭᠡᠯ ᠵᠦᠰᠠᠷᠯᠠᠨ ᠪᠣᠷᠤᠭᠠᠯᠠᠭᠰᠠᠨ ᠶᠤᠮ
ᠪᠦᠷᠭᠦᠵᠤ ᠨᠥᠮᠦᠷᠢᠯᠡᠭ᠍ᠰᠡᠨ ᠮᠤᠳᠤᠳ ᠣᠭᠢᠯᠠᠭᠰᠠᠨ ᠶᠤᠮ ᠡ᠂
ᠦᠨᠢ ᠬᠤᠯᠠ ᠶᠢᠨ ᠳᠡᠦᠭᠡ ᠶᠢ ᠥᠭᠦᠯᠡᠵᠤ ᠡᠨᠡ ᠣᠪᠣᠭ᠎ᠠ ᠮᠥᠩᠭᠡᠷᠡᠭ᠍ᠰᠡᠨ ᠶᠤᠮ
ᠥᠮᠦᠭ᠌ ᠳᠦᠰᠢᠭ᠌ ᠪᠣᠯᠵᠤ ᠳᠠᠭᠢᠭᠳᠠᠨ ᠴᠢᠮᠡᠭ᠍ᠳᠡᠭ᠍ᠰᠡᠨ ᠶᠤᠮ
ᠦᠷᠦᠭᠡᠯ ᠤᠨ ᠭᠢ ᠪᠢᠰᠢ ᠦᠪᠡᠷ ᠤᠨ ᠣᠬᠠᠭᠠᠨ ᠶᠢᠡᠷ ᠠᠷᠢᠭᠤᠰᠴᠤ
ᠦᠨᠳᠦᠷ ᠨᠠᠰᠤᠳᠠᠢ ᠳᠡᠭ᠍ᠷᠢ ᠶᠢᠨ ᠥᠩᠭᠡ ᠪᠠᠷ ᠨᠢᠭᠤᠴᠠᠯᠠᠭᠳᠠᠭᠰᠠᠨ ᠶᠤᠮ ᠡ᠂
᠁
ᠦᠢ᠌ ᠣᠯᠠᠨ ᠴᠡᠷᠢᠭ᠌ ᠤᠨ ᠳᠤᠮᠳᠠ ᠴᠢᠩᠭᠢᠰ ᠪᠠᠢ᠌ᠭᠰᠠᠨ ᠶᠤᠮ
ᠥᠯᠦᠭᠡᠢ ᠨᠤᠳᠤᠭ ᠶᠢᠡᠨ ᠭᠡᠵᠤ ᠨᠢᠯᠪᠣᠰᠤ ᠲᠡᠶ ᠣᠶᠠᠷᠠᠵᠤ ᠪᠠᠢ᠌ᠭᠰᠠᠨ ᠶᠤᠮ
ᠥᠰᠭᠦ ᠨᠠᠰᠤᠨ ᠤ ᠳᠤᠷᠠᠰᠤᠮᠵᠢ ᠪᠦᠭᠦᠨ ᠢ ᠰᠠᠨᠠᠨ
ᠥᠭᠡᠯᠤᠨ ᠡᠭᠡ ᠶᠢᠨ ᠡᠪᠦᠷ ᠲᠤ ᠰᠥᠭᠦᠳᠡᠭᠦ ᠶᠢ ᠶᠠᠭᠠᠷᠠᠭᠰᠠᠨ ᠶᠤᠮ᠂
ᠦᠨᠡᠨ ᠳᠡᠭᠡᠨ ᠨᠢᠯᠪᠣᠰᠤ ᠪᠠᠨ ᠳᠠᠯᠳᠠᠯᠠᠵᠤ ᠠᠷᠴᠢᠭᠰᠠᠨ ᠳᠠᠮᠤᠵᠢᠨ ᠤ ᠭᠠᠷ ᠳᠤ
ᠥᠩᠭᠡ ᠨᠢ ᠴᠡᠩᠭᠡᠷ ᠭᠤᠤᠯ ᠤᠨ ᠴᠢᠯᠠᠭᠤ ᠠᠳᠬᠤᠭᠠᠰᠤᠳᠠᠢ ᠪᠠᠢ᠌ᠭᠰᠠᠨ ᠶᠤᠮ ᠡ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ