☆ ᠪᠦᠷᠢᠠᠳᠤᠩᠭ᠋ᠠᠯᠠᠭ
ᠰᠤᠯᠢᠶᠠᠳᠠᠢ ᠭᠦᠮᠤᠨ ᠤ ᠨᠠᠢ᠌ᠷᠠᠭ
ᠭᠠᠵᠢᠭᠤ ᠪᠠ ᠦᠨᠡᠨ ᠤ ᠳᠤᠮᠳᠠᠭᠤᠷ
ᠰᠤᠯᠢᠶᠠᠳᠠᠢ ᠭᠦᠮᠤᠨ ᠡ᠊ᠨᠳᠡᠭᠦᠷᠡᠵᠤ ᠠᠮᠢᠳᠤᠷᠠᠨ᠎ᠠ᠃
ᠭᠠᠨᠢᠬᠠᠷᠠᠯ ᠪᠠ ᠭᠠᠯᠵᠠᠭᠤᠷᠠᠯ ᠤᠨ ᠶᠢᠡᠨ ᠬᠠᠮᠳᠤ
ᠭᠠᠯᠪᠠ ᠶᠢᠨ ᠳᠤᠭᠤᠰᠤ ᠶᠢ ᠭᠦᠳᠡᠯᠭᠡᠵᠤ ᠶᠠᠪᠣᠨ᠎ᠠ᠃
ᠭᠠᠷᠬᠤ ᠨᠠᠷᠠᠨ ᠤ ᠭᠡᠰᠢᠭ᠌ ᠡᠴᠡ
ᠭᠠᠷ ᠰᠠᠷᠪᠠᠢ᠌ᠵᠤ ᠬᠤᠪᠢᠶᠠᠯᠴᠠᠬᠤ ᠭᠦᠮᠤᠨ ᠦᠭᠡᠶ᠂
ᠭᠠᠮᠰᠢᠭ ᠵᠤᠳ ᠤᠨ ᠠᠶᠤᠯ ᠡᠴᠡ
ᠭᠠᠮ ᠪᠣᠳᠤᠵᠤ ᠭᠢᠮᠠᠭᠠᠳᠠᠬᠤ ᠭᠦᠮᠤᠨ ᠦᠭᠡᠶ᠃
ᠨᠦᠷᠭᠢᠵᠤ ᠶᠠᠪᠣᠬᠤ ᠪᠠᠶᠠᠰᠤᠯ ᠪᠠ
ᠨᠦᠮᠦᠷᠴᠦ ᠳᠠᠭᠤᠯᠬᠤ ᠣᠢ᠌ᠮᠤᠷᠤᠯ ᠡᠴᠡ ᠮᠢᠨᠢ
ᠨᠥᠭᠦᠭᠡ ᠭᠦᠮᠤᠨ ᠳᠤ ᠭᠡᠭᠦ ᠦᠮᠴᠢ ᠦᠭᠡᠶ᠃
ᠨᠥᠭᠡᠴᠡᠯᠡᠵᠤ ᠨᠢᠭᠤᠬᠤ ᠶᠢᠨ ᠵᠤᠪᠠᠭᠤᠷᠢ ᠦᠭᠡᠶ᠃
ᠳᠦᠨᠠᠷ ᠰᠦᠨᠢ ᠰᠡᠯᠡᠭᠦᠤ ᠡᠷᠢᠨ
ᠳᠦᠯᠡᠢ ᠳᠡᠭ᠍ᠷᠢ ᠶᠢ ᠥᠢᠮᠡᠭᠦᠯᠵᠤ
ᠲᠦᠮᠡᠨ ᠡᠷᠢᠶᠡᠨ ᠭᠦᠮᠤᠨ ᠤ ᠠᠮᠢᠳᠤᠷᠠᠯ ᠢ
ᠳᠦᠭᠡᠷᠢᠭ᠍ᠰᠡᠨ ᠨᠢᠳᠤ ᠪᠠᠷ ᠠᠵᠢᠭᠯᠠᠨ᠎ᠠ᠃
ᠣᠶᠤᠨ ᠪᠢᠯᠢᠭ᠍ᠳᠡᠨ ᠊᠊᠊᠊᠊᠊᠊᠊᠊᠊᠊᠊᠊᠊᠊ ᠵᠤᠭᠤᠰ ᠤᠨ ᠡᠮᠦᠨ᠎ᠡ
ᠭᠣᠢ᠌ᠷᠠᠠᠴᠢ ᠪᠣᠯᠵᠤ ᠪᠠᠳᠢᠷᠯᠠᠬᠤ ᠳ᠋ᠤᠨᠢ
ᠣᠬᠠᠭᠠᠨ ᠰᠦᠨᠠᠰᠤ ᠊᠊᠊᠊᠊᠊᠊᠊᠊᠊᠊᠊᠊᠊᠊ ᠡᠷᠭᠡ ᠶᠢᠨ ᠳᠤᠤᠷ᠎ᠠ
ᠭᠤᠶᠤᠯᠭᠠᠴᠢ ᠪᠣᠯᠵᠤ ᠪᠢᠯᠳᠠᠤᠴᠢᠯᠠᠬᠤ ᠳᠤ ᠨᠢ
ᠦᠨᠡᠨ ᠥᠭᠡ ᠊᠊᠊᠊᠊᠊᠊᠊᠊᠊᠊᠊᠊᠊᠊ ᠥᠩᠭᠡᠪᠴᠢ ᠬᠤᠷᠸ᠎ᠠ ᠳᠤ
ᠣᠭᠤᠯᠢ ᠶᠢᠨ ᠳᠠᠭᠤᠨ ᠰᠢᠭ ᠵᠢᠭ᠍ᠰᠢᠭ᠍ᠳᠡᠭᠦ ᠳᠤ ᠨᠢ
ᠦᠨᠡᠠᠴᠢ ᠰᠡᠳᠭᠢᠯ ᠊᠊᠊᠊᠊᠊᠊᠊᠊᠊᠊᠊᠊᠊᠊ ᠭᠠᠷᠮᠠᠭᠠᠢ ᠮᠡᠭᠡᠯᠡᠭ᠍ᠴᠢ ᠳᠤ
ᠦᠷᠦᠪᠴᠢᠨ ᠬᠤᠨ ᠪᠣᠯᠵᠤ ᠬᠤᠤᠷᠯᠠᠭᠳᠠᠬᠤ ᠳ᠋ᠤᠨᠢ
ᠬᠠᠢ᠌ᠷ᠎ᠠ ᠪᠦᠳᠤᠨ ᠬᠤᠷᠸ᠎ᠠ ᠮᠢᠨᠢ
〈〈ᠬᠠᠷ᠎ᠠ ᠨᠢᠳᠤᠨ ᠡᠴᠡ ᠭᠦᠮᠦᠰᠭᠡ ᠭᠠᠳᠠᠭᠤᠷ〉〉 ᠳ᠋ᠤᠨᠢ
〈〈ᠬᠠᠮᠠᠷ ᠶᠡᠭᠡ ᠠᠮᠠ ᠶᠢ ᠳᠠᠷᠤᠬᠤ〉〉 ᠳ᠋ᠤᠨᠢ
ᠬᠠᠷᠠᠴᠤ ᠶᠢᠨ ᠭᠤᠮᠤᠳᠠᠯ ᠣᠯᠠᠰᠢᠷᠠᠬᠤ ᠳ᠋ᠤᠨᠢ
ᠪᠢᠯᠢᠭ᠌ ᠬᠠᠭᠠᠭᠳᠠᠭᠰᠠᠨ ᠳᠡᠨᠡᠭ᠌ ᠪᠢᠰᠢ
ᠪᠠᠳᠢᠷ ᠳᠤᠰᠤᠯᠳᠠᠭᠰᠠᠨ ᠭᠣᠢ᠌ᠷᠠᠠᠴᠢ ᠪᠢᠰᠢ
ᠪᠢᠯᠳᠠᠤᠴᠢᠯᠠᠬᠤ ᠳᠦᠭᠦᠭᠡ ᠦᠭᠡᠶ ᠰᠤᠯᠢᠶᠠᠳᠠᠢ ᠭᠦᠮᠤᠨ
ᠪᠠᠯᠢᠩ ᠶᠢᠡᠷ ᠪᠠᠶᠠᠰᠳᠠᠭ ᠪᠣᠷᠬᠠᠨ ᠢ ᠳᠤᠭᠤᠭᠢᠯᠠᠵᠤ
ᠭᠦᠡᠳᠡᠰᠢ ᠦᠭᠡᠶ ᠭᠦᠮᠤᠨ ᠮᠦᠰᠤᠨ ᠤ
ᠬᠠᠳᠠᠭᠤ ᠳᠠᠩᠭ᠋ᠠᠷᠢᠭ ᠶᠢᠡᠨ ᠵᠠᠵᠢᠯᠠᠵᠤ
ᠮᠥᠩᠭᠡ ᠬᠤᠷᠸ᠎ᠠ ᠶᠢᠨ ᠡᠮᠵᠡᠭ᠌ ᠠᠶᠠᠰ ᠢ
ᠵᠡᠮᠳᠡᠭ᠌ ᠨᠤᠲ᠋ ᠶᠢᠡᠷ ᠭᠡᠩᠰᠢᠵᠤ ᠶᠠᠪᠣᠨ᠎ᠠ᠃
ᠭᠠᠵᠢᠭᠤ ᠪᠠ ᠦᠨᠡᠨ ᠤ ᠳᠤᠮᠳᠠᠭᠤᠷ
ᠭᠠᠭᠴᠠ ᠰᠤᠯᠢᠶᠠᠳᠤ ᠡ᠊ᠨᠳᠡᠭᠦᠷᠡᠵᠤ ᠠᠮᠢᠳᠤᠷᠠᠨ᠎ᠠ᠃
ᠭᠠᠢ᠌ᠬᠠᠯ ᠪᠠ ᠭᠠᠰᠢᠭᠤᠷᠠᠯ ᠤᠨ ᠶᠢᠡᠨ ᠬᠠᠮᠳᠤ
ᠭᠠᠯᠪᠠ ᠶᠢᠨ ᠳᠤᠭᠤᠰᠤ ᠶᠢ ᠭᠦᠳᠡᠯᠭᠡᠵᠤ ᠶᠠᠪᠣᠨ᠎ᠠ᠃
ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ