ᠨᠡᠪᠲᠡᠷᠡᠨ ᠤᠷᠤᠬᠤ
ᠠᠶᠤᠮᠠᠷ ᠴᠢᠨ᠋ᠸ᠎ᠠ ᠪᠠ ᠵᠢᠭ᠍ᠰᠢᠮᠡᠷ ᠭᠡᠷ ᠤᠨ ᠨᠤᠬᠠᠢ

ᠲᠦᠷᠦ ᠶᠢᠨ ᠪᠣᠳᠤᠯᠭ᠎ᠠ ᠶᠢ ᠳᠦᠭᠦᠭᠡᠷᠡᠭᠦ ᠦᠭᠡᠶ ᠪᠠᠷ

ᠳᠠᠮᠤᠷ ᠰᠠᠷᠠᠯᠵᠢᠨ ᠳᠤ ᠬᠤᠷᠢᠭᠳᠠᠭᠰᠠᠨ ᠢᠮᠠᠭ᠎ᠠ᠂

ᠳᠡᠨᠡᠭ᠌ ᠢᠮᠠᠭᠠᠴᠢᠨ ᠤ ᠠᠯᠵᠠᠭᠤᠷᠠᠯ ᠭᠡᠵᠤ ᠡ᠊ᠨᠳᠡᠭᠦᠷᠡᠵᠤ

ᠳᠡᠰᠭᠡᠯ ᠦᠭᠡᠶ ᠬᠠᠷᠢᠶᠠᠵᠤ ᠮᠠᠢ᠌ᠯᠠᠨ᠎ᠠ᠃

ᠬᠠᠷᠠᠩᠭ᠋ᠤᠢ ᠰᠦᠨᠢ ᠪᠠᠷ ᠢᠳᠡᠰᠢᠯᠡᠭᠦ ᠪᠣᠯᠤᠭᠰᠠᠨ ᠳ᠋ᠠᠭᠠᠨ

ᠬᠠᠭᠤᠴᠢᠨ ᠶᠠᠩᠪᠠ ᠪᠠᠨ ᠨᠢᠭᠡᠮᠦᠰᠤᠨ ᠬᠠᠶᠠᠵᠤ

ᠬᠤᠵᠢᠭᠠᠷ ᠬᠤᠸᠠᠷ ᠬᠤᠨᠢᠨ ᠵᠠᠩᠭ᠋ᠤ ᠶᠢ ᠴᠤ

ᠬᠤᠳᠤᠭᠤᠳᠤ ᠪᠠᠨ ᠭᠦᠭᠡᠭᠡᠳᠡᠯ᠎ᠡ ᠳᠠᠷᠤᠨ ᠡᠮᠭᠦᠯᠡᠨ᠎ᠡ᠃

ᠵᠠᠷᠢᠮ ᠡᠳᠦᠷ ᠲᠡᠭᠡᠨ ᠰᠤᠯᠠ ᠭᠡᠪᠳᠡᠭᠦ ᠦᠶᠡᠰ

ᠵᠡᠭᠡᠷ᠎ᠡ ᠶᠢᠨ ᠰᠥᠷᠦᠭ᠌ ᠲᠡᠶ ᠠᠳᠠᠭᠠᠷᠬᠠᠨ ᠪᠣᠳᠤᠵᠤ᠂

ᠵᠡᠷᠯᠢᠭ᠌ ᠴᠢᠨ᠋ᠸ᠎ᠠ ᠡᠴᠡ ᠠᠶᠤᠬᠤ ᠴᠤ ᠪᠣᠯ ᠠᠷᠭ᠎ᠠ ᠦᠭᠡᠶ᠂

ᠵᠡᠷᠭᠡᠪᠠᠷ ᠣᠶᠠᠭ᠎ᠠ ᠲᠡᠶ ᠭᠡᠷ ᠤᠨ ᠨᠤᠬᠠᠢ ᠡᠴᠡ

ᠵᠠᠮᠬᠠᠷᠳᠠᠯ᠎ᠠ ᠰᠥᠷᠳᠡᠭᠦ ᠪᠣᠯ ᠳᠠᠭᠠᠷᠠᠬᠤ ᠦᠭᠡᠶ ᠭᠡᠵᠤ᠂

ᠵᠠᠶᠠᠭ᠎ᠠ ᠳᠠᠪᠢᠯᠠᠩ ᠲᠠᠭᠠᠨ ᠬᠠᠷᠠᠮᠰᠠᠨ ᠨᠢᠯᠪᠣᠰᠤᠷᠠᠨ᠎ᠠ ᠁

ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ