☆ ᠪᠠᠶᠠᠨ
ᠳᠠᠯ᠎ᠠ
ᠮᠤᠩᠭ᠋ᠤᠯ ᠭᠦᠮᠤᠨ ᠤ ᠰᠠᠨᠠᠭ᠎ᠠ
ᠮᠤᠷᠢᠨ ᠬᠤᠭᠤᠷ ᠤᠨ ᠠᠶ᠎ᠠ
ᠢᠰᠡᠭᠡᠢ ᠳᠤᠭᠤᠷᠭᠠᠳᠠᠨ ᠤ ᠳᠡᠦᠭᠡ
ᠡᠷᠳᠡᠨ ᠡᠴᠡ ᠥᠷᠭᠦᠯᠵᠢᠯᠡᠭ᠍ᠰᠡᠨ ᠥᠯᠢᠭᠡᠷ ᠳᠠᠯ᠎ᠠ ᠶᠤᠮ ᠡ᠃
ᠠᠯᠤᠰ ᠲᠤ ᠮᠤᠷᠳᠠᠭᠰᠠᠨ ᠭᠦᠤ ᠶᠢᠨ
ᠡᠪᠦᠷᠯᠡᠵᠤ ᠶᠠᠪᠣᠳᠠᠭ ᠵᠠᠭᠢᠳᠠᠯ
ᠬᠤᠳᠠ ᠳᠤ ᠣᠷᠤᠭᠰᠠᠨ ᠭᠡᠦᠭᠡᠨ ᠤ
ᠬᠠᠳᠠᠭᠠᠯᠠᠵᠤ ᠬᠠᠢ᠌ᠷᠠᠯᠠᠭᠰᠠᠨ ᠳᠤᠯᠢ ᠳᠠᠯ᠎ᠠ ᠶᠤᠮ ᠡ᠃
ᠳᠠᠯ᠎ᠠ ᠴᠢᠨᠤ
ᠥᠷᠭᠡᠨ ᠬᠤᠷᠮᠤᠢ ᠳᠤ
ᠮᠤᠷᠢᠳᠠᠢ ᠭᠦᠮᠤᠨ ᠪᠣᠢ᠌ᠵᠢᠪᠠ
ᠮᠤᠩᠭ᠋ᠤᠯ ᠭᠦᠮᠤᠨ ᠳᠡᠯᠡᠭᠡᠢ ᠳᠤ ᠠᠯᠳᠠᠷᠰᠢᠪᠠ᠃
ᠳᠠᠯ᠎ᠠ ᠴᠢᠨᠤ
ᠠᠭᠤᠳᠠᠮ ᠬᠠᠩᠭ᠋ᠠᠢ ᠪᠠᠷ
ᠮᠤᠩᠭ᠋ᠤᠯ ᠭᠦᠮᠤᠨ ᠬᠤᠯᠠ ᠶᠢ ᠬᠠᠷᠠᠵᠤ ᠳᠠᠰᠪᠠ
ᠮᠤᠯᠤᠷ ᠪᠦᠮᠪᠦᠷᠴᠡᠭ᠌ ᠠᠤᠠᠬᠤᠨ ᠳᠤ ᠣᠨᠠᠵᠤ ᠪᠦᠮᠪᠦᠯᠵᠡᠪᠡ᠃
ᠳᠠᠯ᠎ᠠ ᠳᠡᠭᠡᠷ᠎ᠡ ᠥᠰᠦᠭ᠍ᠰᠡᠨ ᠭᠦᠮᠤᠨ ᠤ ᠰᠠᠨᠠᠭ᠎ᠠ ᠭᠡᠭ᠍ᠴᠢ
ᠳᠠᠯ᠎ᠠ ᠰᠢᠭ ᠶᠢᠡᠨ ᠠᠭᠤᠳᠠᠮ ᠪᠠᠢ᠌ᠳᠠᠭ
ᠳᠠᠷᠠᠭ ᠰᠢᠭ ᠶᠢᠡᠨ ᠴᠠᠢ᠌ᠯᠭᠠᠨ ᠪᠠᠢ᠌ᠳᠠᠭ
ᠡᠭᠦᠯᠡ ᠰᠢᠭ᠌ ᠶᠢᠡᠨ ᠦᠨᠳᠦᠷ ᠪᠠᠢ᠌ᠳᠠᠭ
ᠣᠰᠤ ᠰᠢᠭ ᠶᠢᠡᠨ ᠪᠣᠭᠤᠨᠢ ᠪᠠᠢ᠌ᠳᠠᠭ ᠡ᠃
ᠳᠠᠯ᠎ᠠ ᠳᠡᠭᠡᠷ᠎ᠡ ᠥᠰᠦᠭ᠍ᠰᠡᠨ ᠭᠡᠦᠭᠡᠤᠨ ᠪᠦᠭᠦᠨ
ᠭᠦᠭᠡ ᠳᠡᠭ᠍ᠷᠢ ᠶᠢᠨ ᠭᠡᠰᠢᠭ᠌ ᠲᠤ ᠢᠪᠠᠭᠡᠯᠡᠭ᠍ᠳᠡᠵᠤ
ᠭᠦᠷᠦᠰᠦᠳᠤ ᠳᠡᠯᠡᠭᠡᠢ ᠶᠢᠨ ᠡᠪᠦᠷ ᠲᠤ ᠵᠢᠷᠭᠠᠯ ᠡᠳ᠋ᠯᠡᠳᠡᠭ᠌᠃
ᠭᠦᠯ ᠳᠤ ᠣᠷᠤᠬᠤ ᠡᠴᠡ ᠭᠦᠯᠦᠭ᠌ ᠶᠢᠨ ᠨᠢᠷᠤᠭᠤᠨ ᠳᠤ ᠪᠦᠪᠠᠢ᠌ᠯᠡᠭ᠍ᠳᠡᠵᠤ
ᠭᠦᠮᠤᠨ ᠤ ᠣᠷᠴᠢᠯᠠᠩ ᠤᠨ ᠵᠠᠢ ᠡᠷᠳᠡ ᠳᠤᠮᠤᠭᠠᠵᠢᠳᠠᠭ᠃
ᠳᠠᠯ᠎ᠠ ᠴᠢᠨᠤ
ᠨᠢᠭᠡᠨ ᠰᠢᠷᠭᠡᠭ᠌ ᠡᠪᠠᠰᠤᠨ ᠤ ᠳᠦᠯᠦᠭᠡ
ᠮᠤᠩᠭ᠋ᠤᠯ ᠭᠦᠮᠤᠨ ᠤ ᠵᠢᠷᠦᠭᠡ ᠡᠮᠳᠡᠷᠡᠳᠡᠭ᠌
ᠨᠢᠭᠡ ᠠᠤᠠᠬᠤ ᠰᠢᠷᠣᠢ᠌ᠨ ᠤ ᠳᠦᠯᠦᠭᠡ
ᠮᠤᠩᠭ᠋ᠤᠯ ᠭᠦᠮᠤᠨ ᠴᠢᠰᠤ ᠪᠠᠨ ᠣᠷᠤᠰᠬᠠᠳᠠᠭ᠃
ᠳᠠᠯ᠎ᠠ ᠴᠢᠨᠤ
ᠡᠭᠦᠯᠡ ᠨᠢ ᠭᠦᠷᠳᠡᠯ᠎ᠡ ᠣᠭᠠᠯᠵᠠ ᠭᠡ ᠲᠡᠶ
ᠵᠢᠭᠦᠷᠢᠳᠡᠨ ᠨᠢ ᠭᠦᠷᠳᠡᠯ᠎ᠡ ᠳᠠᠭᠤᠤ ᠠᠶ᠎ᠠ ᠲᠡᠶ
ᠠᠭᠤᠯᠠ ᠪᠦᠭᠦᠨ ᠨᠢ ᠣᠩᠭ᠋ᠤᠨ ᠰᠠᠪᠳᠠᠭ ᠲᠡᠶ
ᠣᠰᠤ ᠪᠦᠭᠦᠨ ᠨᠢ ᠷᠠᠰᠢᠶᠠᠨ ᠣᠠᠳᠤᠷᠤᠯ ᠲᠡᠶ᠃
ᠳᠠᠯ᠎ᠠ ᠭᠡᠭ᠍ᠴᠢ
ᠦᠷ᠎ᠡ ᠳᠡᠭᠡᠨ ᠭᠡᠪᠠᠯ
ᠥᠭ᠍ᠭᠢᠶᠡᠮᠦᠷ ᠪᠣᠭᠤᠷᠤᠯ ᠡᠵᠢ ᠶᠢᠨ ᠭᠠᠷ
ᠦᠰᠢᠶᠠᠳᠠᠨ ᠳᠡᠭᠡᠨ ᠭᠡᠪᠠᠯ
ᠡᠮᠦᠨ᠎ᠡ ᠡᠴᠡ ᠨᠢ ᠢᠷᠯᠡᠭ᠍ᠰᠡᠨ ᠵᠢᠳᠠ᠃
ᠳᠠᠯ᠎ᠠ ᠭᠡᠭ᠍ᠴᠢ
ᠦᠷᠦᠴᠠᠨ ᠳᠡᠭᠡᠨ ᠪᠣᠢ᠌ᠵᠢᠭᠰᠠᠨ ᠪᠦᠭᠦᠨ ᠶᠢᠡᠨ
ᠥᠯᠭᠡᠨ ᠡᠭᠡᠪᠦᠷ ᠲᠡᠭᠡᠨ ᠳᠤᠯᠠᠭᠠᠯᠠᠨ ᠪᠣᠢ᠌ᠵᠢᠭᠤᠯᠳᠠᠭ
ᠦᠪ ᠲᠤ ᠴᠢᠨᠢ ᠰᠢᠨᠤᠭᠰᠠᠤᠨ ᠢ
ᠡᠪᠦᠯ ᠤᠨ ᠰᠢᠭᠤᠷᠭ᠎ᠠ ᠪᠠᠷ ᠶᠢᠡᠨ ᠭᠤᠶᠠᠳᠠᠵᠤ ᠭᠦᠭᠡᠭᠡᠳᠡᠭ᠌᠃
ᠭᠡᠨ ᠪᠦᠭᠦᠨ ᠤ ᠭᠡᠰᠡᠭᠯᠡᠵᠤ ᠪᠣᠯᠢᠶᠠᠯᠴᠠᠬᠤ
ᠭᠦᠷᠦᠩᠭᠡ ᠳᠠᠯ᠎ᠠ ᠪᠢᠰᠢ
ᠭᠡᠨ ᠪᠦᠭᠦᠨ ᠤ ᠭᠡᠷᠴᠢᠵᠤ ᠳᠠᠰᠤᠳᠠᠬᠤ
ᠢᠰᠡᠭᠡᠢ ᠳᠠᠯ᠎ᠠ ᠪᠢᠰᠢ
ᠭᠡᠨ ᠪᠦᠭᠦᠨ ᠤ ᠳᠤᠷᠠᠯᠠᠵᠤ ᠢᠳᠡᠭᠦ
ᠬᠤᠨᠢᠨ ᠣᠭᠤᠴᠠ ᠳᠠᠯ᠎ᠠ ᠪᠢᠰᠢ
ᠭᠡᠨ ᠪᠦᠭᠦᠨ ᠤ ᠭᠤᠶᠤ ᠥᠭᠡᠨ ᠳᠤ ᠬᠠᠭᠤᠷᠳᠠᠭᠳᠠᠬᠤ
ᠭᠤᠨᠢᠭ ᠴᠤ ᠳᠠᠯ᠎ᠠ ᠪᠢᠰᠢ ᠡ᠃
ᠦᠷᠦᠴᠠ ᠪᠠᠨ ᠠᠭᠤᠳᠠᠯᠠᠭᠤᠯᠵᠤ ᠳᠠᠯ᠎ᠠ ᠮᠢᠨᠢ
ᠡᠪᠦᠯ ᠤᠨ ᠰᠦᠨᠢ ᠵᠢᠪᠠᠭᠦᠴᠡᠵᠤ ᠰᠠᠭᠤᠪᠠ
ᠦᠪ ᠶᠢᠡᠨ ᠠᠯᠳᠠᠵᠤ ᠳᠠᠯ᠎ᠠ ᠮᠢᠨᠢ
ᠦᠩ ᠲᠡᠶ ᠵᠤᠨ ᠳᠠᠭᠵᠢᠵᠤ ᠬᠤᠨᠤᠪᠠ
ᠲᠦᠮᠡᠨ ᠢᠵᠢᠯᠢ ᠠᠳᠤᠭᠤᠨ ᠳᠦᠷᠪᠠᠭᠡᠨ ᠶᠢᠡᠨ ᠰᠠᠨᠠᠵᠤ
ᠳᠠᠯ᠎ᠠ ᠮᠢᠨᠢ
ᠬᠤᠨᠤᠭ ᠤᠨ ᠭᠠᠵᠠᠷ ᠵᠠᠢ᠌ᠷᠳᠤᠵᠤ ᠥᠵᠡᠭ᠍ᠳᠡᠨ᠎ᠡ
ᠳᠠᠪᠤᠨ ᠬᠤᠰᠢᠭᠤ ᠮᠠᠯ ᠶᠢᠡᠷ ᠳᠤᠳᠠᠭᠳᠠᠵᠤ
ᠳᠠᠯ᠎ᠠ ᠮᠢᠨᠢ
ᠳᠠᠩᠰᠤᠭ ᠵᠤᠨ ᠡᠵᠡᠭᠦᠢᠷᠡᠵᠤ ᠰᠠᠨᠠᠭᠳᠠᠨ᠎ᠠ᠃
ᠬᠤᠯᠠᠨ ᠵᠡᠭᠡᠷ᠎ᠡ ᠪᠠᠨ ᠠᠯᠳᠠᠵᠤ ᠳᠠᠯ᠎ᠠ ᠮᠢᠨᠢ
ᠬᠤᠯᠠ ᠶᠢᠨ ᠡᠳᠦᠷ ᠤᠳ ᠲᠤ ᠵᠡᠮᠳᠡᠭᠯᠡᠵᠤ ᠪᠠᠢ᠌ᠪᠠ
ᠢᠰᠡᠭᠡᠢ ᠭᠡᠷ ᠶᠢᠡᠨ ᠥᠭᠡᠢ᠌ᠯᠡᠵᠤ ᠳᠠᠯ᠎ᠠ ᠮᠢᠨᠢ
ᠬᠤᠨᠤᠭ ᠶᠢᠨ ᠵᠠᠢ ᠳᠤ ᠡᠮᠵᠡᠭᠯᠡᠵᠤ ᠬᠤᠴᠤᠷᠪᠠ᠃
ᠳᠠᠯ᠎ᠠ ᠲᠡᠶ ᠪᠠᠨ ᠪᠠᠢ᠌ᠪᠠᠯ
ᠮᠤᠩᠭ᠋ᠤᠯ ᠠᠢ᠌ᠯ ᠤᠨ ᠳᠤᠯᠭ᠎ᠠ ᠴᠤᠭ ᠶᠢᠡᠷ ᠭᠡᠵᠢᠶᠡᠳᠡ ᠳᠦᠭᠦᠷᠡᠩ
ᠳᠠᠯ᠎ᠠ ᠲᠡᠶ ᠪᠠᠨ ᠪᠠᠢ᠌ᠪᠠᠯ
ᠮᠤᠩᠭ᠋ᠤᠯ ᠨᠤᠳᠤᠭ ᠤᠨ ᠳᠤᠭᠤᠷᠭ᠎ᠠ ᠵᠠᠶᠠᠭ᠎ᠠ ᠪᠠᠷ ᠭᠡᠵᠢᠶᠡᠳᠡ ᠪᠠᠭᠢ᠃
ᠳᠠᠯ᠎ᠠ ᠪᠠᠨ ᠠᠯᠳᠠᠪᠠᠯ
ᠮᠤᠩᠭ᠋ᠤᠯ ᠭᠦᠮᠤᠨ ᠤ ᠨᠢᠳᠤ ᠰᠤᠬᠤᠷᠠᠨ᠎ᠠ
ᠳᠠᠯ᠎ᠠ ᠡᠴᠡ ᠪᠠᠨ ᠰᠠᠯᠪᠠᠯ
ᠮᠤᠩᠭ᠋ᠤᠯ ᠭᠦᠮᠤᠨ ᠤ ᠰᠦᠨᠠᠰᠤ ᠳᠦᠭᠡᠷᠢᠨ᠎ᠡ᠃
ᠠᠤᠠᠬᠤᠵᠤ ᠠᠪᠣᠪᠠᠯ
ᠠᠯᠠᠭᠠᠨ ᠳᠤ ᠪᠠᠭᠳᠠᠮᠠᠷ ᠳᠠᠯ᠎ᠠ
ᠠᠯᠠᠭ᠎ᠠ ᠪᠠᠨ ᠨᠡᠭᠡᠭᠡᠪᠠᠯ
ᠳᠡᠯᠡᠭᠡᠢ ᠳᠠᠯᠠᠮᠠᠷ ᠳᠠᠯ᠎ᠠ
ᠨᠠᠷᠠ ᠨᠢ ᠡᠪᠠᠰᠤ ᠪᠠᠨ
ᠳᠤᠯᠵᠤ ᠪᠣᠰᠳᠠᠭ ᠳᠠᠯ᠎ᠠ
ᠰᠠᠷ᠎ᠠ ᠨᠢ ᠣᠪᠣᠭ᠎ᠠ ᠪᠠᠨ
ᠳᠠᠷᠠᠯᠠᠵᠤ ᠬᠤᠨᠤᠳᠠᠭ ᠳᠠᠯ᠎ᠠ ᠡ᠃
ᠬᠤᠯᠠᠨ ᠵᠡᠭᠡᠷ᠎ᠡ
ᠬᠤᠨᠢᠨ ᠳ᠋ᠤᠨᠢ ᠨᠠᠢ᠌ᠯᠠᠵᠤ ᠪᠠᠯᠴᠢᠳᠡᠭ᠌ ᠳᠠᠯ᠎ᠠ
ᠬᠤᠷᠠᠮᠠᠯ ᠡᠭᠦᠯᠡ
ᠵᠠᠯᠠᠨ ᠳᠡᠭᠡᠷ᠎ᠡ ᠡᠴᠡ ᠨᠢ ᠪᠣᠰᠳᠠᠭ ᠳᠠᠯ᠎ᠠ
ᠬᠤᠨᠤᠭ ᠤᠨ ᠭᠠᠵᠠᠷ ᠲᠤ
ᠭᠡᠷ ᠨᠢ ᠴᠠᠢ᠌ᠯᠵᠠᠭᠰᠠᠨ ᠳᠠᠯ᠎ᠠ
ᠬᠤᠳᠠᠯᠠ ᠶᠢᠨ ᠮᠠᠯᠠᠮᠠᠢ ᠳᠤ
ᠵᠢᠷᠭᠠᠯ ᠰᠠᠭᠠᠳᠠᠭᠰᠠᠨ ᠳᠠᠯ᠎ᠠ ᠡ᠃
(《ᠴᠡᠴᠡᠭ᠍ᠳᠤ ᠴᠡᠢ᠌ᠳᠡᠮ》 ᠰᠡᠳᠭᠦᠯ ᠤᠨ 2004 ᠣᠨ ᠤ 3 ᠳ᠋ᠤᠭᠠᠷ ᠬᠤᠭᠤᠴᠠᠭ᠎ᠠ)
ᠵᠤᠬᠢᠶᠠᠭᠴᠢ᠄ ᠪᠠᠶᠠᠨ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 2964
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ