☆ ᠪᠠ᠊·ᠬᠠᠰᠴᠢᠯᠠᠭᠤ
ᠡ᠊ᠨᠳᠡᠭ᠍ᠰᠡᠨ ᠰᠢᠪᠠᠭᠤᠨ ᠳᠤ ᠣᠩᠰᠢᠬᠤ ᠰᠢᠯᠦᠭ᠌
ᠡᠷᠢᠶᠡᠨ ᠬᠤᠷᠸ᠎ᠠ ᠭᠡᠵᠤ
ᠭᠠᠯ ᠣᠰᠤ ᠪᠠᠷ ᠵᠥᠷᠢᠴᠡᠯᠳᠦᠳᠡᠭ᠌ ᠴᠤ
ᠡᠷᠡᠭ᠍ᠳᠡᠢ ᠡᠮᠡᠭ᠍ᠳᠡᠢ ᠭᠡᠵᠤ
ᠠᠷᠭ᠎ᠠ ᠪᠢᠯᠢᠭ᠌ ᠶᠢᠡᠷ ᠵᠤᠭᠢᠯᠳᠤᠳᠠᠭ ᠡ
ᠡᠷ᠎ᠡ ᠭᠦᠮᠤᠨ ᠭᠡᠵᠤ
ᠢᠷᠠᠭᠤ ᠠᠯᠳᠠᠷ ᠤᠨ ᠳᠦᠯᠦᠭᠡ ᠠᠮᠢᠳᠤᠷᠠᠳᠠᠭ ᠥᠭᠡᠢ
ᠡᠮ᠎ᠡ ᠭᠦᠮᠤᠨ ᠤ ᠳᠦᠯᠦᠭᠡ ᠭᠡᠵᠤ ᠨᠠᠩ ᠠᠮᠢᠳᠤᠷᠠᠳᠠᠭ ᠥᠭᠡᠢ
ᠶᠡᠭᠡ ᠣᠢ᠌ᠯᠠ ᠶᠢᠨ ᠳᠦᠯᠦᠭᠡ ᠠᠮᠢᠳᠤᠷᠠᠳᠠᠭ ᠶᠤᠮ ᠡ
ᠳᠡᠭᠡᠭᠦ ᠳ᠋ᠤ
ᠪᠦᠰᠡᠭᠦᠢ ᠬᠡᠦᠬᠡᠳ ᠴᠢᠨᠢ
ᠵᠢᠩᠭᠢᠨᠢ ᠴᠢᠨᠠᠷ ᠴᠢᠠᠰᠠᠭ᠎ᠠ ᠵᠢ
ᠨᠢᠯᠪᠣᠰᠤ ᠪᠠᠷ ᠶᠢᠡᠨ ᠣᠭᠢᠶᠠᠵᠤ ᠬᠤᠴᠤᠷᠳᠠᠭ
ᠪᠦᠳᠤᠨ ᠪᠦᠮᠪᠦᠷᠴᠡᠭ᠌ ᠴᠠᠴᠠᠷᠠᠵᠤ ᠬᠤᠨᠤᠳᠠᠭ
ᠰᠢᠪᠠᠭᠤᠨ ᠴᠢᠮ᠎ᠠ ᠳᠤ ᠵᠢᠭᠦᠷ ᠪᠣᠯᠵᠤ ᠬᠠᠨᠢᠰᠳᠠᠭ
ᠰᠢᠳᠤᠷᠭᠤ ᠶᠤᠰᠤ ᠳᠤᠯᠤᠭᠠᠢ ᠪᠦᠭᠦᠢᠵᠤ
ᠵᠠᠮ ᠪᠣᠯᠵᠤ ᠳᠡᠪᠢᠰᠦᠭ᠍ᠳᠡᠳᠡᠭ᠌ ᠶᠤᠮ ᠡ
ᠬᠤᠯᠠ ᠬᠤᠯᠠ ᠶᠠᠪᠣᠵᠤ
ᠬᠣᠢ᠌ᠳᠤᠨ ᠨᠠᠮᠤᠷ ᠨᠢ ᠴᠢ ᠬᠠᠷᠢᠳᠠᠭ ᠪᠠᠢ᠌ᠭᠰᠠᠨ
ᠪᠣᠳᠤᠭᠤᠨ ᠨᠢᠯᠪᠣᠰᠤᠳᠠᠢ ᠦᠬᠢᠨ ᠴᠢᠨᠢ
ᠪᠣᠴᠠᠵᠤ ᠢᠷᠡᠭᠡᠰᠡᠢ ᠠᠪᠣ ᠮᠢᠨᠢ ᠭᠡᠵᠤ ᠥᠭᠡᠢ᠌ᠯᠡᠳᠡᠭ᠌
ᠪᠦᠳᠤᠨ ᠰᠦᠨᠢ ᠵᠡᠭᠦᠳᠤ ᠮᠠᠨᠠᠳᠠᠭ
ᠪᠦᠰᠡᠭᠦᠢ ᠴᠢᠨᠢ ᠨᠠᠷᠠ ᠶᠢ ᠴᠢᠨᠢ ᠳᠠᠪᠠᠷᠢᠵᠤ ᠬᠤᠨᠤᠳᠠᠭ ᠡ
ᠣᠳᠠᠰᠤᠨ ᠤ ᠨᠤᠮᠸᠷ ᠤᠨ ᠳᠤᠪᠴᠢ
ᠨᠢᠭᠤᠴᠠ ᠠᠮᠠᠷᠠᠭ ᠤᠨ ᠳᠤᠭᠢᠶ᠎ᠠ ᠪᠠᠷ ᠡᠯᠡᠭ᠍ᠳᠡᠭᠡ ᠥᠭᠡᠢ
ᠬᠠᠢ᠌ᠷ᠎ᠠ ᠶᠢᠨ ᠳᠤᠷᠭᠠᠨ ᠰᠢᠪᠠᠨᠡᠭᠡ ᠪᠠᠷ
ᠣᠷᠤᠰᠤᠨ ᠣᠷᠤᠰᠤᠨ ᠡᠯᠡᠭ᠍ᠳᠡᠳᠡᠭ᠌ ᠡ
ᠭᠦᠷᠢᠶᠡᠨ ᠤ ᠴᠠᠭᠠᠨ᠎ᠠ ᠮᠤᠲ᠋ᠤᠷ
ᠰᠢᠭᠦᠳᠡᠷᠢ ᠳᠤ ᠴᠠᠴᠠᠷᠠᠨ ᠨᠣᠢ᠌ᠷᠮᠤᠭᠯᠠᠵᠤ ᠪᠠᠢ᠌ᠭᠰᠠᠨ ᠡ
ᠰᠦᠨᠢᠵᠢᠨ ᠵᠤᠭᠰᠤᠭᠰᠠᠨ ᠭᠦᠯ
ᠰᠦᠷ ᠨᠢ ᠮᠠᠭᠤᠳᠠᠭᠠᠤᠨ ᠪᠣᠴᠠᠳᠠᠭ ᠪᠠᠢ᠌ᠭᠰᠠᠨ ᠡ
ᠣᠷᠭᠤᠭ᠎ᠠ ᠣᠷᠭᠤᠭ᠎ᠠ ᠣᠢ᠌ᠯᠠᠰ ᠴᠢᠨᠢ
ᠲᠦᠮᠡᠨ ᠤ ᠰᠡᠳᠭᠢᠯ ᠳᠤ ᠳᠠᠭᠠᠯᠠᠭᠳᠠᠵᠤ ᠪᠠᠢ᠌ᠬᠤ ᠳ᠋ᠤ
ᠣᠬᠤᠷ ᠣᠬᠤᠷ ᠪᠣᠳᠤᠯ ᠴᠢᠨᠢ ᠬᠠᠷᠢᠨ
ᠥᠭᠦᠯ ᠤᠨ ᠵᠠᠪᠰᠠᠷ ᠲᠤ ᠮᠤᠩᠬᠠᠷᠠᠵᠤ ᠪᠠᠢ᠌ᠵᠠᠢ
ᠥᠭᠦᠯ ᠨᠠᠮᠢ᠋ᠢ ᠴᠤ ᠳᠠᠭᠤᠳᠠᠵᠤ ᠪᠠᠢ᠌ᠭᠰᠠᠨ ᠡ
ᠦᠨᠳᠦᠷ ᠮᠤᠳᠤ ᠣᠷᠳᠤ ᠳᠡᠭᠡᠰᠤ ᠶᠢ
ᠪᠠᠵᠠᠭᠠᠭᠠᠤᠨ ᠪᠠᠵᠠᠭᠠᠭᠠᠤᠨ ᠢᠷᠡᠳᠡᠭ᠌ ᠴᠤ ᠪᠠᠢ᠌ᠭᠰᠠᠨ ᠡ
ᠥᠩᠭᠡᠷᠡᠵᠤ ᠳᠠᠯᠢ᠌ᠭᠰᠠᠨ ᠡᠪᠦᠭᠡ ᠮᠢᠨᠢ
ᠥᠭᠡᠳᠡ ᠦᠭᠡᠶ ᠳᠠᠮᠰᠢᠭ ᠭᠡᠵᠤ ᠵᠡᠭᠦᠳᠤ ᠦᠭᠭᠦᠭ᠍ᠰᠡᠨ
ᠣᠩᠭ᠋ᠤᠨ ᠬᠠᠢ᠌ᠯᠠᠰᠤ ᠨᠠᠳᠠ
ᠡᠷ᠎ᠡ ᠭᠦᠮᠤᠨ ᠥᠭᠦᠳᠡᠭ᠌ ᠦᠭᠡᠶ ᠭᠡᠵᠤ
ᠳᠠᠶᠠᠭ ᠥᠭ᠍ᠴᠤ ᠳᠠᠮᠢᠷ ᠵᠠᠰᠠᠭᠰᠠᠨ ᠡ
ᠬᠠᠶᠢᠭ ᠪᠢᠴᠢᠵᠤ ᠣᠬᠠᠭ᠎ᠠ ᠨᠡᠭᠡᠭᠡᠭ᠍ᠰᠡᠨ ᠡ
ᠵᠢᠵᠢᠭ᠍ᠬᠡᠨ ᠦᠬᠢᠨ ᠤ ᠮᠢᠨᠢ ᠨᠢᠯᠪᠣᠰᠤ
ᠦᠶᠡᠷ ᠪᠣᠯᠵᠤ ᠵᠠᠮ ᠭᠦᠡᠳᠡᠯᠢᠰᠦᠭ᠍ᠰᠡᠨ ᠡ
ᠵᠠᠮ ᠭᠡᠭ᠍ᠴᠢ ᠭᠠᠭᠴᠠᠬᠠᠨ ᠴᠤ ᠪᠠᠢ᠌ᠳᠠᠭ ᠪᠢᠰᠢ
ᠵᠠᠪᠠᠯ ᠶᠠᠪᠣᠬᠤ ᠠᠯᠪᠠᠳᠠᠯᠭ᠎ᠠ ᠴᠤ ᠪᠠᠢ᠌ᠳᠠᠭ ᠥᠭᠡᠢ
ᠵᠠᠭᠠᠰᠤᠨ ᠬᠠᠨ᠎ᠠ ᠰᠢᠭ ᠡᠷᠢᠶᠡᠯᠵᠡᠭ᠍ᠰᠡᠨ ᠵᠠᠮ ᠵᠢᠠᠷ
ᠵᠠᠭᠠᠨ ᠤ ᠳᠠᠪᠠᠭ ᠰᠢᠭ ᠢᠳᠡᠷᠡᠭᠦᠨ ᠠᠯᠬᠤᠯᠠᠵᠤ ᠪᠣᠯᠤᠨ᠎ᠠ
ᠡᠷ᠎ᠡ ᠭᠦᠮᠤᠨ ᠪᠣᠰᠤᠭ᠎ᠠ
ᠡᠷᠯᠢᠭ᠌ ᠴᠤ ᠠᠶᠤᠬᠤ ᠳᠤ ᠪᠠᠨ ᠰᠢᠭᠡᠴᠢᠭᠡᠳᠡᠭ᠌
ᠡᠷ᠎ᠡ ᠵᠤᠷᠢᠭ ᠵᠤᠭᠰᠤᠭ᠎ᠠ
ᠡᠮᠨᠢᠭ᠌ ᠴᠤ ᠨᠤᠮᠤᠬᠠᠷᠠᠬᠤ ᠳᠤ ᠪᠠᠨ ᠭᠡᠪᠳᠡᠴᠢᠭᠡᠳᠡᠭ᠌
ᠪᠢ ᠴᠤ ᠥᠭᠦᠵᠤ ᠪᠣᠯᠬᠤ ᠥᠭᠡᠢ
ᠴᠢ ᠴᠤ ᠥᠭᠦᠵᠤ ᠪᠣᠯᠬᠤ ᠥᠭᠡᠢ
ᠭᠡᠨ ᠴᠤ ᠥᠭᠦᠵᠤ ᠪᠣᠯᠬᠤ ᠥᠭᠡᠢ
ᠡ᠊ᠨᠳᠡᠭ᠍ᠰᠡᠨ ᠰᠢᠪᠠᠭᠤᠨ ᠳᠤ ᠣᠩᠰᠢᠬᠤ
ᠡᠷᠡᠭᠦᠯ ᠣᠶᠠᠩᠭ᠋᠎ᠠ ᠮᠢᠨᠢ ᠡᠨᠡ ᠠᠵᠤᠭᠤ
2007 ᠣᠨ ᠤ 7 ᠳ᠋ᠤᠭᠠᠷ ᠰᠠᠷ᠎ᠠ ᠳᠤ
ᠵᠤᠬᠢᠶᠠᠭᠴᠢ᠄ ᠪᠠ᠊·ᠬᠠᠰᠴᠢᠯᠠᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2748
ᠴᠠᠭ᠄ 2009 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ