ᠨᠡᠪᠲᠡᠷᠡᠨ ᠤᠷᠤᠬᠤ
ᠰᠦᠨᠢ ᠶᠢᠨ ᠪᠣᠯᠠᠰᠢ

ᠪᠦᠳᠦᠭᠦᠨ ᠨᠠᠷᠢᠨ ᠪᠦᠷᠢᠶ᠎ᠡ ᠶᠢᠨ ᠳᠠᠭᠤ

ᠪᠦᠵᠢᠭ᠌ ᠤᠨ ᠳᠢᠩᠭᠢᠮ ᠡᠴᠡ ᠭᠠᠰᠠᠯᠠᠨ᠎ᠠ

ᠪᠦᠭ᠍ᠰᠡ ᠪᠠᠨ ᠰᠠᠵᠢᠭᠰᠠᠨ ᠪᠦᠮᠪᠦᠷᠡᠢ

ᠪᠦᠭᠦᠨ ᠤ ᠡᠮᠦᠨ᠎ᠡ ᠡᠩᠭᠦᠷᠡᠢ

ᠠᠷᠢᠭᠢᠨ ᠤ ᠦᠨᠦᠷ ᠲᠡᠶ ᠠᠮᠢᠳᠤᠷᠠᠯ

ᠠᠪᠣ ᠶᠢᠨ ᠭᠢᠨᠢ ᠳᠡᠭ᠍ᠷᠢ ᠠᠷᠠᠤᠨ ᠤᠨ ᠵᠤᠭᠤᠰ

ᠳᠠᠮᠠᠭᠢᠨ ᠣᠳᠤᠭ᠎ᠠ ᠲᠡᠶ ᠳᠠᠴᠢᠶᠠᠯ ᠤᠨ ᠭᠠᠯ

ᠡᠩᠭᠡᠷ ᠨᠢ ᠵᠠᠳᠠᠭᠠᠢ ᠡᠵᠢ ᠶᠢᠨ ᠭᠢᠨᠢ ᠳᠡᠯᠡᠭᠡᠢ

ᠳᠠᠭᠤᠯᠠᠬᠤ ᠠᠳᠠᠯᠢ ᠣᠭᠢᠯᠠᠬᠤ ᠴᠤ ᠭᠡᠮᠡᠷ

ᠳᠤᠮᠳᠠᠭᠤᠷ ᠳᠠᠷᠢᠭᠢ ᠲᠡᠶ ᠰᠤᠯᠢᠭᠠᠢ ᠶᠠᠭᠤᠮᠠᠰ

ᠮᠠᠢ᠌ᠯᠠᠬᠤ ᠴᠤ ᠰᠢᠭ ᠬᠠᠢ᠌ᠯᠠᠬᠤ ᠴᠤ ᠠᠳᠠᠯᠢ

ᠮᠡᠯᠡᠭᠡᠢ ᠠᠪᠣᠳᠠᠯ ᠶᠢᠡᠷ ᠳᠠᠪᠢᠨ᠎ᠠ

ᠳᠡᠯᠡᠭᠡᠢ ᠶᠠᠭᠤ ︖

ᠳᠡᠭᠡᠷ᠎ᠡ ᠨᠢ ᠶᠠᠭᠤ ︖

ᠳᠡᠭᠡᠳᠦᠰ ᠨᠢ ᠶᠠᠭᠤ ︖

ᠳᠡᠷᠭᠡᠳᠡ ᠨᠢ ᠳᠠᠷ᠎ᠠ ᠪᠠᠰᠠ ᠶᠠᠭᠤ ︖


ᠬᠤᠭ ᠤᠨ ᠨᠤᠪᠰᠢ ᠰᠢᠭ᠌ ᠭᠦᠭᠯᠡᠷᠡᠭ᠍ᠰᠡᠨ

ᠬᠤᠳᠠ ᠭᠠᠵᠠᠷ ᠤᠨ ᠰᠠᠯᠭᠢᠨ ᠳᠤ

ᠬᠤᠨᠢ ᠰᠢᠭ ᠮᠠᠨ ᠤ ᠭᠢᠨ

ᠴᠢᠨ᠋ᠸ᠎ᠠ ᠰᠢᠭ᠌ ᠭᠡᠢ᠌ᠰᠭᠡᠭᠦ ᠶᠢ ᠶᠠᠭᠠᠭᠢᠨ᠎ᠠ ︖

ᠭᠦᠷᠡᠩ ᠳᠡᠯᠡᠭᠡᠢ ᠶᠢᠨ ᠳ᠋ᠸᠪᠠᠵᠠᠨ ᠢ

ᠭᠦᠭ᠍ᠵᠢᠮ ᠤᠨ ᠠᠶᠠᠰ ᠪᠠᠷ ᠴᠤᠭᠴᠠᠯᠠᠭᠠᠤᠨ

ᠭᠦᠭᠡᠷᠦᠭᠦᠢ ᠶᠠᠭᠤᠮᠠᠰ ᠤᠨ ᠭᠡᠢ ᠰᠤᠯᠢᠶᠠᠷᠠᠯ

ᠭᠦᠯ ᠤᠨ ᠣᠯᠠ ᠳᠠᠭᠠᠨ ᠯᠠ ᠣᠪᠵᠢ ᠲᠡᠶ

ᠭᠦᠮᠤᠨ ᠨᠡᠢ᠌ᠭᠡᠮ ᠤᠨ ᠶᠢᠡᠨ ᠭᠦᠰᠡᠯ ᠢᠳᠡᠭᠡᠯ ᠢ

ᠭᠦᠰᠡᠷ ᠳᠡᠭᠡᠷ᠎ᠡ ᠳᠡᠪᠢᠰᠦᠯᠡᠭᠡᠳ

ᠭᠦᠭ᠍ᠰᠢᠨ ᠪᠣᠤᠷ᠎ᠠ ᠶᠢᠨ ᠰᠤᠯᠢᠶ᠎ᠠ ᠳᠠᠭᠤᠨ ᠶᠢᠡᠨ

ᠭᠦᠰᠡᠯᠡᠩ ᠤᠨ ᠣᠷᠢᠶ᠎ᠠ ᠪᠠᠷ ᠡ᠊ᠨᠳᠡᠭᠦᠷᠡᠨ᠎ᠡ

ᠳᠡᠯᠡᠭᠡᠢ ᠶᠢᠨ ᠣᠷᠭᠢᠯ ᠦᠨᠦᠳᠤᠷ

ᠳᠠᠢ᠌ᠨ ᠦᠭᠡᠶ ᠳᠠᠢ᠌ᠪᠣᠩ

ᠳᠠᠷᠪᠠᠵᠤ ᠡᠭᠢᠯᠡᠭ᠍ᠰᠡᠨ ᠡᠷᠪᠠᠭᠡᠢ

ᠳᠠᠯᠪᠢ ᠦᠭᠡᠶ ᠰᠡᠮᠡᠷᠭᠡᠢ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ