☆ ᠭᠡᠷᠡᠯᠳᠦᠶᠠᠭ᠎ᠠ
ᠢᠨᠠᠭ ᠤᠨ ᠰᠢᠯᠦᠭ᠌
ᠬᠠᠮᠢᠭ᠎ᠠ ᠴᠤ ᠪᠢᠯᠠ ᠳᠠᠢ᠌ᠮᠤ ᠨᠢᠭᠡ ᠭᠠᠵᠠᠷ
ᠭᠡᠵᠢᠶ᠎ᠡ ᠴᠤ ᠪᠢᠯᠠ ᠳᠠᠷᠠ ᠨᠢᠭᠡ ᠴᠠᠭ ᠲᠤ
ᠭᠠᠯ ᠬᠠᠯᠠᠭᠤᠨ ᠰᠡᠳᠭᠢᠯ ᠶᠢᠡᠷ ᠶᠢᠡᠨ ᠪᠢ
ᠭᠠᠭᠴᠠᠬᠠᠨ ᠯᠠ ᠴᠢᠮᠢ᠋ᠢ ᠬᠠᠢ᠌ᠷᠠᠯᠠᠵᠤ ᠶᠠᠪᠣᠭᠰᠠᠨ
ᠳᠡᠭᠡᠭᠦ ᠳᠤ ᠴᠢ ᠵᠠᠯᠠᠭᠤ ᠪᠠᠢ᠌ᠭᠰᠠᠨ
ᠳᠡᠯᠭᠡᠷᠡᠭᠦ ᠴᠡᠴᠡᠭ᠌ ᠰᠢᠭ᠌ ᠭᠤᠶᠤ ᠪᠠᠢ᠌ᠭᠰᠠᠨ
ᠣᠴᠢ ᠪᠠᠳᠠᠷᠠᠭᠰᠠᠨ ᠨᠢᠳᠤᠨ ᠤ ᠪᠠᠨ ᠬᠠᠷᠠᠴᠠ ᠪᠠᠷ
ᠣᠯᠠᠨ ᠵᠠᠯᠠᠭᠤᠰ ᠤᠨ ᠵᠢᠷᠦᠭᠡ ᠶᠢ ᠬᠠᠭᠠᠷᠢᠭᠰᠠᠨ
ᠣᠩᠭ᠋ᠤᠨ ᠰᠡᠳᠭᠢᠯ ᠳᠡᠭᠡᠨ ᠭᠡᠨ ᠶᠢ ᠴᠤ ᠬᠠᠪᠢᠳᠠᠭᠤᠯᠬᠤ ᠦᠭᠡᠶ
ᠣᠮᠤᠭᠯᠠᠩ ᠵᠠᠩ ᠲᠡᠶ ᠭᠡᠦᠭᠡᠨ ᠪᠠᠢ᠌ᠭᠰᠠᠨ ᠳ᠋ᠠ
ᠵᠤᠬᠢᠶᠠᠭᠴᠢ ᠶᠢᠨ ᠬᠠᠶᠢᠭ᠄ ᠰᠢᠠᠵᠢᠶᠠᠩ ᠪᠠᠶᠠᠠᠭᠤᠤᠯ
ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 13270
ᠴᠠᠭ᠄ 2010 ᠤᠨ ᠤ 08 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ