ᠨᠡᠪᠲᠡᠷᠡᠨ ᠤᠷᠤᠬᠤ
ᠮᠠᠷᠳᠠᠭᠳᠠᠰᠢ ᠦᠭᠡᠶ ᠨᠢᠭᠡᠨ ᠣᠳᠠᠭᠠᠨ ᠤ ᠮᠤᠩᠭ᠋ᠤᠯ ᠰᠢᠳᠠᠷ᠎ᠠ ᠶᠢᠨ ᠮᠦᠷᠥᠢᠴᠡᠭᠡᠨ

     ᠵᠢᠷᠠᠭᠠᠤᠨ ᠣᠨ ᠤ ᠡᠭᠢ ᠪᠠᠷ᠂ ᠮᠠᠨ ᠤ ᠭᠢᠨ ᠬᠤᠨᠢᠨ ᠣᠳᠤᠷ ᠶᠢᠡᠷ ᠶᠠᠪᠣᠵᠤ ᠪᠠᠢ᠌ᠯ᠎ᠠ᠃ ᠠᠭᠣᠢ᠌ᠳᠤ ᠨᠤᠳᠤᠭ ᠤᠨ ᠬᠠᠭᠤᠷᠠᠢ ᠬᠤᠰᠤᠳᠤ᠂ ᠬᠤᠴᠢᠬᠠᠨ ᠤ ᠵᠤᠰᠠᠯᠠᠩ ᠪᠣᠯ ᠣᠩᠭ᠋ᠤᠨ ᠪᠠᠢ᠌ᠭᠠᠯᠢ ᠶᠢᠨ ᠣᠰᠤ ᠡᠯᠪᠠᠭ᠌᠂ ᠡᠪᠠᠰᠤ ᠦᠳᠭᠡᠨ ᠰᠠᠢ᠌ᠬᠠᠨ ᠭᠠᠵᠠᠷ ᠶᠤᠮᠰᠠᠨ᠃ ᠮᠠᠨ ᠤ ᠭᠡᠷ ᠤᠨ ᠬᠤᠨᠢᠨ ᠣᠳᠤᠷ ᠬᠤᠴᠢᠬᠠᠨ ᠳᠤ ᠪᠠᠢ᠌ᠬᠤ ᠳᠤ ᠰᠤᠷᠭᠠᠭᠤᠯᠢ ᠶᠢᠨ ᠵᠤᠨ ᠤ ᠠᠮᠠᠷᠠᠯᠳᠠ ᠪᠣᠯᠵᠤ ᠪᠢᠳᠠ ᠭᠡᠷ ᠲᠡᠭᠡᠨ ᠬᠠᠷᠢᠪᠠ᠃ ᠠᠪᠣ ᠡᠵᠢ ᠪᠢᠳᠠᠨ ᠢ ᠨᠡᠭᠦᠳᠡᠯᠯᠡᠨ ᠮᠠᠯᠵᠢᠬᠤ ᠣᠳᠤᠷ ᠤᠨ ᠠᠵᠢᠯ ᠭᠢᠯᠭᠡᠵᠤ ᠰᠤᠷᠭᠠᠨ᠎ᠠ ᠭᠡᠳ ᠪᠠᠷᠢᠭᠠᠳᠠ ᠶᠢᠨ ᠳᠤᠭᠢᠷᠠᠭᠤᠯᠤᠭᠰᠠᠨ ᠪᠣᠷᠳᠤᠭᠠᠨ ᠠᠵᠢᠯ ᠪᠠ ᠥᠭᠡᠷ᠎ᠡ ᠪᠣᠰᠤᠳ ᠠᠵᠢᠯ ᠳᠤ ᠶᠠᠪᠣᠭᠤᠯᠤᠭᠰᠠᠨ ᠦᠭᠡᠶ᠂ ᠬᠤᠨᠢ ᠮᠠᠨᠠᠬᠤ ᠪᠣᠯᠤᠨ ᠣᠳᠤᠷ ᠤᠨ ᠪᠣᠰᠤᠳ ᠠᠵᠢᠯ ᠤᠳ ᠢ ᠭᠢᠯᠭᠡᠳᠡᠭ᠌ ᠪᠠᠢ᠌ᠯ᠎ᠠ᠃

     ᠡᠳᠦᠷ ᠠᠵᠢᠯ ᠤᠨ ᠴᠢᠯᠦᠭᠡᠨ ᠳᠡᠭᠡᠨ ᠭᠡᠳᠦᠭᠦᠯᠡ ᠮᠤᠩᠭ᠋ᠤᠯ ᠰᠢᠳᠠᠷ᠎ᠠ ᠨᠠᠭᠠᠳᠤᠳᠠᠭ᠂ ᠣᠷᠤᠢ ᠪᠣᠯᠬᠤ ᠳᠤ ᠬᠠᠢ᠌ᠯᠠᠷ ᠨᠢᠭᠡᠳᠦᠭᠡᠷ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠢ᠌ᠭ᠎ᠠ ᠮᠢᠨᠤ ᠬᠤᠶᠠᠳᠤᠭᠠᠷ ᠠᠬ᠎ᠠ (ᠳᠠᠯ᠎ᠠ ᠶᠢᠨ ᠪᠦᠷᠭᠦᠤᠨ ᠰᠦᠯᠵᠢᠶᠠᠨ ᠳᠤ ᠭᠠᠷᠴᠤ ᠪᠠᠢ᠌ᠭ᠎ᠠ ᠊᠊᠊᠊᠊᠊᠊᠊᠊᠊᠊᠊᠊᠊᠊ ᠥᠭᠡᠯᠡᠳ᠂ ᠭᠠᠯᠳᠠᠨ ᠢ ᠵᠢᠭᠠᠵᠤ ᠪᠣᠢ) ᠪᠢᠳᠠ ᠬᠤᠶᠠᠷ᠂ ᠬᠤᠨᠢᠨ ᠮᠠᠨᠠᠭᠠᠨ ᠳᠤ ᠭᠠᠷᠴᠤ᠂ ᠮᠠᠨ ᠤ ᠠᠵᠢᠯ ᠡᠭᠢᠯᠡᠳᠡᠭ᠌᠃ ᠬᠤᠨᠢ ᠮᠠᠨᠠᠬᠤ ᠮᠤᠬᠤᠯᠠᠭ ᠳᠤᠳᠤᠷ᠎ᠠ ᠰᠠᠯᠭᠢᠨ ᠳ᠋ᠸᠩ ᠤᠨ ᠳᠤᠤᠷ᠎ᠠ᠂ ᠠᠬ᠎ᠠ ᠨᠠᠳᠠ ᠳᠤ ᠬᠠᠢ᠌ᠯᠠᠷ ᠤᠨ ᠰᠤᠷᠭᠠᠭᠤᠯᠢ ᠪᠠᠨ ᠡᠢ᠌ᠮᠤ ᠭᠤᠶᠤ ᠳᠠᠢ᠌ᠮᠤ ᠰᠠᠢ᠌ᠬᠠᠨ ᠭᠡᠵᠤ ᠣᠯᠠᠨ ᠰᠤᠨᠢᠨ ᠰᠡᠪᠠᠭᠦᠨ ᠶᠠᠭᠤᠮ᠎ᠠ ᠶᠠᠷᠢᠵᠤ ᠰᠦᠨᠢ ᠥᠩᠭᠡᠷᠡᠳᠡᠭ᠌᠃ ᠪᠢ ᠣᠳᠠᠯ ᠦᠭᠡᠶ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠣᠷᠤᠬᠤ ᠪᠠᠷ ᠭᠦᠯᠢᠶᠡᠵᠤ ᠪᠠᠢ᠌ᠭ᠎ᠠ ᠪᠣᠯᠬᠤᠷ᠂ ᠨᠠᠩ ᠴᠤ ᠠᠮᠳᠠᠷᠬᠠᠨ ᠰᠤᠨᠤᠰᠴᠤ ᠪᠦᠭᠦ ᠰᠡᠳᠭᠢᠯ ᠰᠠᠨᠠᠭ᠎ᠠ ᠪᠦᠷ ᠳᠡᠭᠦᠨ ᠤ ᠶᠠᠷᠢᠶᠠᠨ ᠳᠤ ᠲᠦᠪᠯᠡᠷᠠᠵᠤ ᠪᠠᠢ᠌ᠯ᠎ᠠ᠃ ᠮᠠᠨ ᠤ ᠠᠬ᠎ᠠ ᠶᠢᠨ ᠰᠤᠷᠤᠯᠭ᠎ᠠ ᠰᠠᠢ᠌ᠨ ᠨᠠᠩ ᠢᠯᠡᠭᠦᠤ ᠹᠢᠽᠢᠺ ᠤᠨ ᠭᠢᠴᠢᠶᠡᠯ ᠳᠡᠭᠡᠨ ᠣᠠᠴᠠᠭᠠᠢ ᠰᠠᠢ᠌ᠨ ᠭᠡᠳᠤᠨ ᠳᠠᠯᠠᠰᠳᠤ ᠬᠤᠭᠤᠯᠠᠢ ᠲᠡᠶ᠂ ᠭᠤᠷᠪᠠᠨ ᠳᠤᠯᠭᠢᠶᠠᠨ ᠲᠡᠶ ᠷᠠᠳᠢᠤ᠋ ᠶᠢ ᠳᠠᠮᠠᠢ ᠭᠦᠴᠤ ᠣᠷᠤᠬᠤ ᠦᠭᠡᠶ ᠭᠢᠴᠢᠭᠡᠳᠡᠭ᠌᠂ ᠵᠠᠷᠢᠮ ᠳᠠᠭᠠᠨ ᠬᠠᠷ᠎ᠠ ᠡᠭᠦᠯᠡ ᠭᠠᠷᠴᠤ᠂ ᠳᠡᠭ᠍ᠷᠢ ᠳᠤᠤᠭᠠᠷᠠᠨ᠂ ᠠᠶᠤᠩᠭ᠎ᠠ ᠨᠢᠵᠢᠭᠢᠨᠡᠭᠦ ᠦᠶ᠎ᠡ ᠳᠤ ᠪᠢ ᠠᠬ᠎ᠠ ᠡᠴᠠ ᠪᠠᠨ ᠳᠠᠷᠠ ᠬᠠᠷ᠎ᠠ ᠡᠭᠦᠯᠡ ᠲᠡᠶ ᠪᠣᠷᠤᠭ᠎ᠠ ᠭᠡᠳᠦᠢ ᠳᠤ ᠮᠠᠨ ᠤ ᠡ᠊ᠨᠳᠡ ᠭᠦᠷᠴᠤ ᠢᠷᠡᠭᠦ ᠪᠣᠢ ᠭᠡᠭᠦ ᠳᠤ ᠬᠤᠶᠠᠳᠤᠭᠠᠷ ᠠᠬ᠎ᠠ ᠮᠢᠨᠢ ᠪᠠᠭ᠎ᠠ ᠪᠣᠳᠤᠯᠭᠢᠯᠠᠭᠠᠤᠨ ᠪᠠᠷᠤᠭ ᠬᠤᠷᠢ ᠭᠠᠷᠤᠢ ᠮᠢᠨᠦ᠋ᠲ ᠤᠨ ᠳᠠᠷᠠᠭ᠎ᠠ ᠭᠦᠷᠴᠤ ᠢᠷᠠᠨ᠎ᠠ᠂ ᠪᠢ ᠶᠡᠭᠡ ᠭᠠᠢ᠌ᠬᠠᠵᠤ᠂ ᠳᠠ ᠶᠠᠭᠠᠭᠢᠵᠤ ᠮᠡᠳᠡᠭ᠍ᠰᠡᠨ ᠪᠣᠢ ᠭᠡᠭᠦ ᠳᠤ᠂ ᠳᠠᠷᠠ᠄ ᠭᠡᠷᠡᠯ ᠤᠨ ᠬᠤᠷᠳᠤᠴᠠ ᠰᠸᠭᠦ᠋ᠨᠳ᠋ ᠪᠦᠷᠢ ᠭᠤᠴᠢᠨ ᠲᠦᠮᠡᠨ ᠺᠯᠦ᠋ᠮᠧᠲ᠋ᠷ ᠪᠣᠯᠬᠤ ᠳᠤᠯᠠ ᠴᠠᠭᠢᠯᠭᠠᠨ ᠤ ᠭᠢᠯᠪᠠᠭᠠᠨ ᠤ ᠳᠠᠷᠠᠭ᠎ᠠ ᠪᠢᠳᠠ ᠳᠤᠳᠤᠷ᠎ᠠ ᠪᠠᠨ ᠳᠤᠭ᠎ᠠ ᠳᠤᠭᠠᠯᠠᠪᠠᠯ ᠪᠠᠷᠤᠭ ᠳᠠᠪᠤᠨ ᠳᠤᠭᠠᠨ ᠳᠠᠷᠠᠭ᠎ᠠ (ᠰᠸᠺᠦ᠋ᠠᠳ᠋) ᠠᠶᠤᠩᠭ᠎ᠠ ᠶᠢᠨ ᠳᠠᠭᠤ ᠶᠢ ᠣᠯᠵᠤ ᠰᠤᠨᠤᠰᠤᠨ᠎ᠠ ᠳᠠᠭᠤᠨ ᠬᠤᠷᠳᠤᠴᠠ ᠰᠸᠭᠦ᠋ᠨᠳ᠋ ᠪᠦᠷᠢ ᠵᠠᠭᠤ ᠳᠦᠴᠢᠨ ᠮᠸᠲ᠋ᠷ ᠪᠣᠯᠬᠤ ᠳᠤᠯᠠ᠃ ᠳᠠᠷᠠ ᠪᠣᠷᠤᠭᠠᠨ ᠤ ᠡᠭᠦᠯᠡ ᠪᠠᠷᠤᠭ ᠮᠠᠨ ᠡᠴᠠ 340×5=1700 ᠮᠸᠲ᠋ᠷ ᠬᠤᠯᠠ ᠪᠠᠢ᠌ᠨ᠎ᠠ᠃ ᠰᠠᠯᠭᠢᠨ ᠤ ᠬᠤᠷᠳᠤᠴᠠ ᠪᠠᠷ ᠪᠠᠷᠤᠭᠯᠠᠵᠤ ᠪᠣᠳᠤᠵᠤ ᠥᠵᠡᠭᠦ ᠳᠤ ᠳᠠᠢ᠌ᠮᠤ ᠡ ︕ ᠬᠤᠷᠢ ᠭᠠᠷᠤᠢ ᠮᠢᠨᠦ᠋ᠲ ᠤᠨ ᠳᠠᠷᠠᠭ᠎ᠠ ᠭᠦᠷᠴᠤ ᠢᠷᠠᠨ᠎ᠠ᠃ ᠨᠠᠮᠢ᠋ᠢ ᠭᠠᠢ᠌ᠬᠠᠳᠠᠯ᠎ᠠ᠂ ᠮᠢᠨᠤ ᠰᠤᠷᠤᠭᠰᠠᠨ ᠦᠭᠡᠶ ᠹᠢᠽᠢᠺ ᠤᠨ ᠣᠬᠠᠭᠠᠨ ᠶᠢᠡᠷ ᠪᠣᠳᠤᠵᠤ ᠦᠭ‍ᠭᠦᠭ᠍ᠰᠡᠨ ᠳᠤ ᠪᠢ ᠶᠡᠭᠡᠯ᠎ᠡ ᠭᠠᠢ᠌ᠬᠠᠪᠠ᠂ ᠬᠤᠵᠢᠮ ᠬᠠᠢ᠌ᠯᠠᠷ ᠳᠠᠭᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠣᠷᠤᠪᠠᠯ ᠹᠢᠽᠢᠺ ᠤᠨ ᠭᠡᠴᠢᠶᠡᠯ ᠶᠢᠡᠨ ᠰᠠᠢ᠌ᠨ ᠰᠤᠷᠤᠶ᠎ᠠ ᠭᠡᠵᠤ ᠵᠢᠷᠤᠭ ᠰᠢᠭᠤᠳᠪᠠ᠃ ᠪᠢ ᠡᠨᠡ ᠵᠤᠷᠢᠯᠭ᠎ᠠ ᠳᠠᠭᠠᠨ ᠬᠤᠵᠢᠮ ᠨᠢ ᠳᠤᠮᠳᠠᠳᠤ ᠰᠤᠷᠠᠭᠠᠭᠤᠯᠢ ᠶᠢᠨ ᠹᠢᠽᠢᠺ ᠤᠨ ᠪᠠᠭᠰᠢ ᠪᠣᠯᠪᠠ᠃ ᠰᠦᠨᠢ ᠠᠬ᠎ᠠ ᠪᠢᠳᠠ ᠬᠤᠶᠠᠷ ᠭᠠᠷ ᠳ᠋ᠸᠩ ᠤᠨ ᠳᠤᠤᠷ᠎ᠠ ᠰᠢᠳᠠᠷ᠎ᠠ ᠨᠠᠭᠠᠳᠤᠳᠠᠭ᠃ ᠠᠬ᠎ᠠ ᠰᠠ‍‌ᠶᠢ ᠯᠠ ᠰᠢᠳᠠᠷ᠎ᠠ ᠰᠤᠷᠤᠭᠰᠠᠨ ᠪᠣᠯᠬᠤᠷ ᠶᠠᠷᠤ ᠨᠠᠮᠢ᠋ᠢ ᠳᠡᠢ᠌ᠯᠳᠡᠭ᠌ ᠦᠭᠡᠶ᠃ ᠨᠠᠮᠢ᠋ᠢ ᠰᠠᠢ᠌ᠨ ᠨᠠᠭᠠᠳᠤᠬᠤ ᠪᠣᠯᠬᠤᠷ ᠬᠠᠶᠠ ᠮᠠᠨ ᠤ ᠬᠤᠨᠢᠴᠢᠨ ᠡᠷᠳᠡᠨᠢᠰᠦᠭᠤᠷ ᠭᠤᠸᠠᠢ ᠪᠢᠳᠠ《ᠪᠠᠭ᠎ᠠ》 ᠭᠡᠵᠤ ᠠᠬᠠᠯᠠᠳᠠᠭ᠃ 《ᠪᠠᠭ᠎ᠠ》 ᠲᠡᠶ ᠰᠢᠳᠠᠷ᠎ᠠ ᠨᠠᠭᠠᠳᠤᠭᠤᠯᠵᠤ ᠳᠡᠢ᠌ᠯᠡᠭᠦᠯᠳᠡᠭ᠌ ᠪᠠᠢ᠌ᠯ᠎ᠠ᠃ 《ᠪᠠᠭ᠎ᠠ》 ᠨᠠᠳᠠ ᠳᠤ ᠳᠡᠢ᠌ᠯᠦᠭ᠍ᠳᠡᠭᠡᠳ ᠣᠯᠠᠨ ᠳᠠᠭᠢᠨ ᠨᠠᠭᠠᠳᠴᠤ᠂ ᠡᠰᠡᠭᠦᠯ᠎ᠡ 《ᠡᠨᠡ ᠮᠠᠭᠤ ᠵᠢᠭᠠᠬᠠᠨ ᠰᠢᠷ᠎ᠠ ᠭᠦᠤ ᠶᠢ ᠳᠡᠢ᠌ᠯᠭᠦ ᠦᠭᠡᠶ》 ᠭᠡᠳ ᠭᠠᠷ ᠨᠢ ᠰᠠᠯᠭᠠᠨᠠᠨ ᠠᠭᠤᠷ ᠨᠢ ᠭᠦᠷᠴᠤ᠂ ᠬᠤᠤᠷ᠎ᠠ ᠨᠢ ᠪᠣᠴᠠᠯᠵᠤ ᠪᠠᠢ᠌ᠳᠠᠭ ᠰᠠᠨ᠃ ᠠᠪᠣ ᠡᠵᠢ ᠬᠤᠨᠢᠴᠢᠨ ᠭᠤᠸᠠᠢ ᠬᠤᠨᠢᠨ ᠳᠠᠭᠠᠨ ᠶᠠᠪᠣᠭᠰᠠᠨ ᠤ ᠳᠠᠷᠠᠭ᠎ᠠ ᠬᠤᠶᠠᠳᠤᠭᠠᠷ ᠠᠬ᠎ᠠ ᠶᠢ ᠠᠭᠤᠷᠯᠠᠵᠤ᠄ 《ᠨᠠᠰᠤᠳᠠᠢ ᠠᠬ᠎ᠠ ᠭᠦᠮᠤᠨ ᠳᠤ ᠨᠠᠢ᠌ᠷ ᠳᠠᠯᠪᠢᠬᠤ ᠦᠭᠡᠶ᠂ ᠳᠡᠭᠦᠤ ᠴᠢᠨᠢ ᠦᠨᠡᠨ ᠳᠠᠢ᠌ᠮᠤ ᠰᠢᠳᠠᠷ᠎ᠠ ᠰᠠᠢ᠌ᠨ ᠨᠠᠭᠠᠳᠤᠳᠠᠭ ᠦᠦ ︖ ᠡᠰᠡᠭᠦᠯ᠎ᠡ ᠴᠢ ᠳᠡᠭᠦᠤ ᠳᠡᠭᠡᠨ ᠵᠢᠭᠠᠵᠤ ᠥᠭ᠍ᠴᠤ ᠪᠠᠢ᠌ᠨ᠎ᠠ ᠪᠠ ︖ ᠁》 ᠭᠡᠵᠤ ᠳᠤᠯᠭᠠᠨ ᠠᠰᠠᠭᠤᠬᠤ ᠳᠤ᠄ 《ᠪᠢ ᠶᠠᠭᠠᠭᠢᠵᠤ ᠨᠠᠭᠠᠳᠤᠭᠠᠤᠨ ᠳᠡᠭᠦᠤ ᠶᠢ ᠳᠡᠢ᠌ᠯᠭᠦ ᠦᠭᠡᠶ᠂ ᠶᠡᠭᠡ ᠠᠬ᠎ᠠ ᠡᠴᠠ ᠥᠭᠡᠷ᠎ᠡ ᠭᠡᠨ ᠮᠠᠨ ᠤ ᠳᠡᠭᠦᠤ ᠶᠢ ᠳᠡᠢ᠌ᠯᠭᠦ ᠪᠢᠯᠠ ︖》 ᠭᠡᠵᠤ ᠵᠤᠮᠠᠯᠵᠠᠨ ᠶᠠᠷᠢᠳᠠᠭ᠃ ᠳᠡᠭᠡᠭᠦ ᠳᠤ ᠠᠪᠣ ᠡᠵᠢ ᠢᠳᠡᠭᠡᠵᠤ ᠶᠠᠳᠠᠨ᠄ 《ᠪᠠᠢ᠌ᠵᠢ ᠳ᠋ᠡ᠂ ᠠᠷᠭ᠎ᠠ ᠶᠢᠨ ᠣᠭᠤᠳᠠ ᠴᠢ ︕ ᠦᠨᠡᠨ ᠬᠤᠳᠠᠯ ᠢ ᠨᠢ ᠣᠠᠳᠤᠤ ᠨᠢᠭᠡᠨ ᠭᠦᠮᠤᠨ ᠲᠡᠶ ᠰᠢᠳᠠᠷ᠎ᠠ  ᠨᠠᠭᠠᠳᠤᠭᠤᠯᠵᠤ ᠪᠠᠢ᠌ᠭᠠᠤᠨ ᠪᠣᠯᠤᠶ᠎ᠠ ︕ ᠴᠢ ᠠᠬ᠎ᠠ ᠭᠦᠮᠤᠨ ᠪᠠᠢ᠌ᠭᠠᠤᠨ ᠳᠡᠭᠦᠤ ᠳᠡᠭᠡᠨ ᠰᠠᠢ᠌ᠨ ᠣᠬᠠᠭᠠᠨ ᠵᠢᠭ᠎ᠠ ᠳ᠋ᠠ᠂ ᠪᠣᠤ ᠯᠠ ᠪᠣᠰᠤᠳ ᠢ ᠬᠤᠷᠤᠰᠭᠠᠬᠤ᠂ ᠠᠭᠤᠷ ᠭᠦᠷᠦᠭᠦᠯᠭᠦ ᠵᠣᠢ᠌ᠯ ᠢ ᠰᠤᠷᠭ᠎ᠠ ︕》 ᠬᠤᠶᠠᠳᠤᠭᠠᠷ ᠠᠬ᠎ᠠ ᠶᠢ ᠵᠠᠩᠨᠠᠵᠤ ᠭᠠᠷᠪᠠ᠃

     ᠨᠢᠭᠡᠨ ᠡᠳᠦᠷ᠂ ᠪᠢ ᠠᠬ᠎ᠠ ᠲᠡᠶ ᠪᠠᠨ ᠭᠠᠳᠠᠨ᠎ᠠ ᠭᠠᠯ ᠲᠦᠯᠠᠨ ᠣᠷᠭ᠎ᠠ ᠵᠠᠰᠠᠵᠤ ᠪᠠᠢ᠌ᠯ᠎ᠠ᠃ ᠭᠡᠨᠡᠳᠲᠡ ᠨᠤᠬᠠᠢ ᠬᠤᠴᠠᠨ ᠭᠤᠤᠯ ᠤᠨ ᠠᠢ᠌ᠯ ᠡᠴᠠ ᠳᠡᠷᠭᠡ ᠲᠡᠶ ᠭᠦᠮᠦᠰ ᠮᠠᠨ ᠤ ᠭᠠᠳᠠᠨ᠎ᠠ ᠭᠦᠷᠴᠤ ᠠᠢ᠌ᠰᠤᠢ᠃ ᠪᠢᠳᠠᠨ ᠨᠤᠬᠠᠢ ᠬᠤᠷᠢᠨ ᠭᠦᠶᠤᠨ ᠭᠦᠷᠭᠦ ᠳᠤ ᠢᠮᠢᠨ ᠪᠠᠷᠢᠭᠠᠳᠠ ᠶᠢᠨ ᠭᠤᠷᠪᠠᠨ ᠭᠠᠷ ᠳᠡᠷᠭᠡ ① ᠮᠤᠳᠤᠴᠢᠨ ᠢᠷᠡᠭ᠍ᠰᠡᠨ ᠪᠠᠢ᠌ᠯ᠎ᠠ᠂ ᠳᠠᠳᠠᠨ ᠤ ᠳᠤᠳᠤᠷ᠎ᠠ ᠮᠠᠨ ᠤ ᠨᠢᠭᠡ ᠬᠤᠯᠠ ᠶᠢᠨ ᠠᠪᠣ ᠦᠶ᠎ᠡ ᠲᠡᠶ ᠭᠦᠮᠤᠨ ᠪᠠᠢ᠌ᠨ᠎ᠠ᠃ ᠪᠢᠳᠠᠨ ᠪᠦᠭᠦᠳᠡᠭᠡᠷ ᠳᠡᠭᠦᠨ ᠢ ᠣᠮᠤ ᠠᠪᠣ ᠭᠡᠵᠤ ᠲ᠋ᠡᠭᠤᠳᠠᠳᠠᠭ (ᠣᠷᠤᠯᠮ᠎ᠠ ᠭᠡᠰᠡᠨ ᠨᠠᠷ᠎ᠠ ᠲᠡᠶ)᠃ ᠮᠢᠨᠤ ᠴᠡᠭᠡᠵᠢᠯᠡᠵᠤ ᠪᠠᠢ᠌ᠬᠤ ᠪᠠᠷ ᠣᠮᠤ ᠠᠪᠣ ᠪᠣᠯ ᠮᠠᠨ ᠤ ᠥᠭᠡᠯᠡᠳ ᠮᠤᠩᠭ᠋ᠤᠯ ᠤᠨ ᠭᠢᠷᠭᠢᠰ ᠶᠠᠰᠤᠳᠠᠨ ᠤ ᠣᠠᠴᠠᠯᠢᠭ ᠢ ᠬᠠᠳᠠᠭᠠᠯᠠᠨ᠂ ᠦᠨᠳᠦᠷ ᠳᠤᠮᠤ ᠪᠠᠶ᠎ᠠ ᠲᠡᠶ᠂ ᠭᠦᠷᠡᠩ ᠣᠯᠠᠪᠳᠤᠷ ᠴᠠᠷᠠᠢ ᠳᠠᠭᠠᠨ ᠪᠦᠷᠭᠦᠤᠨ ᠤᠨ ᠬᠤᠩᠰᠢᠶᠠᠷ ᠰᠢᠭ ᠳᠤᠮᠤ ᠬᠠᠮᠠᠷ ᠲᠡᠶ᠂ ᠡᠷᠳᠡᠨ ᠤ ᠡᠷᠳᠡᠮᠳᠡᠨ ᠪᠠᠭᠠᠳᠤᠷ ᠭᠦᠮᠤᠨ ᠰᠥᠭ᠌ ᠳᠦᠷᠦᠭᠰᠡᠨ ᠳᠤᠮᠤᠬᠠᠨ ᠭᠦᠮᠤᠨ ᠪᠠᠢ᠌ᠯ᠎ᠠ᠂ ᠬᠠᠮᠠᠷ ᠶᠢᠡᠷ ᠶᠢᠡᠨ ᠭᠤᠩᠭᠢᠨᠠᠵᠤ ᠥᠭᠡ ᠶᠠᠷᠢᠳᠠᠭ᠃ ᠶᠠᠫᠣᠨ ᠤ ᠦᠶ᠎ᠡ ᠳᠤ ᠠᠯᠪᠠᠨ ᠬᠠᠭᠠᠭᠴᠢ ᠶᠠᠪᠣᠵᠤ᠂ 1945 ᠣᠨ ᠳᠤ ᠶᠠᠫᠣᠨ ᠣᠨᠠᠵᠤ᠂ ᠬᠤᠪᠢᠰᠬᠠᠯ ᠪᠣᠯᠤᠭᠰᠠᠨ ᠤ ᠳᠠᠷᠠᠭ᠎ᠠ ᠮᠤᠩᠭ᠋ᠤᠯ ᠣᠯᠤᠰ ᠲᠤ ᠠᠪᠠᠴᠢᠭᠳᠠᠨ ᠶᠠᠫᠣᠨ ᠤ ᠳᠠᠩᠨᠠᠭᠤᠯ ᠭᠡᠮᠡᠨ ᠭᠡᠳᠤᠨ ᠵᠢᠯ ᠱᠤᠷᠤᠩ ᠳᠤ ᠬᠤᠷᠢᠵᠤ ᠶᠠᠯᠠᠯᠠᠪᠠ᠃ ᠭᠡᠳᠤᠨ ᠵᠢᠯ ᠤᠨ ᠳᠠᠷᠠᠭ᠎ᠠ ᠶᠠᠯ᠎ᠠ ᠶᠢᠨ ᠬᠤᠭᠤᠴᠠᠭ᠎ᠠ ᠪᠠᠨ ᠳᠦᠭᠦᠷᠭᠡᠵᠤ᠂ ᠡᠷᠭᠡ ᠴᠢᠯᠦᠭᠡ ᠪᠠᠨ ᠣᠯᠵᠤ ᠡᠭᠡ ᠨᠤᠳᠤᠭ ᠲᠠᠭᠠᠨ ᠪᠣᠴᠠᠵᠤ ᠢᠷᠠᠵᠠᠢ᠃ ᠳᠡᠭᠡᠭᠡᠳ ᠳᠡᠷᠭᠡ ᠲᠡᠶ ᠭᠦᠮᠦᠰ ᠭᠦᠷᠴᠤ ᠢᠷᠡᠭ᠍ᠰᠡᠨ ᠤ ᠳᠠᠷᠠᠭ᠎ᠠ ᠠᠵᠠ ᠮᠥᠮᠥ ᠮᠢᠨᠢ ᠭᠡᠷ ᠡᠴᠠ ᠪᠠᠨ ᠭᠠᠷᠴᠤ ᠢᠷᠠᠨ ᠳᠠᠳᠠᠨ ᠢ ᠣᠭᠳᠤᠨ ᠭᠡᠷ ᠲᠡᠭᠡᠨ ᠵᠠᠯᠠᠨ ᠣᠷᠤᠭᠤᠯᠵᠤ᠂ ᠴᠠᠢ ᠬᠤᠭᠤᠯᠠ ᠠᠶᠠᠭᠠᠯᠠᠨ ᠶᠡᠭᠡ ᠯᠠ ᠳᠤᠳᠤᠨᠤᠰᠤᠭ ᠶᠢᠡᠷ ᠵᠤᠭᠤᠭ ᠳᠡᠯᠭᠡᠵᠤ ᠭᠦᠭᠡᠷᠦᠯᠳᠦᠨ᠎ᠡ᠃ ᠢᠷᠡᠭ᠍ᠰᠡᠨ ᠵᠤᠴᠢᠨ ᠳᠠᠭᠠᠨ ᠠᠷᠢᠭᠢ ᠭᠠᠷᠭᠠᠨ ᠮᠢᠬ᠎ᠠ ᠴᠢᠨᠠᠨ᠂ ᠬᠤᠶᠠᠳᠤᠭᠠᠷ ᠠᠬ᠎ᠠ ᠶᠢ ᠬᠤᠨᠢᠨ ᠳᠤ ᠶᠠᠪᠣᠭᠤᠯᠵᠤ ᠬᠤᠨᠢᠴᠢᠨ ᠭᠤᠸᠠᠢ ᠵᠢ ᠠᠮᠠᠷᠠᠭᠤᠯᠤᠨ ᠬᠠᠮᠳᠤ ᠪᠠᠷ ᠨᠠᠷᠭᠢᠯᠳᠤᠪᠠ᠃ ᠠᠬ᠎ᠠ ᠶᠢᠨ ᠦᠪᠡᠷ ᠶᠢᠡᠨ ᠭᠢᠭ᠍ᠰᠡᠨ ᠷᠠᠳᠢᠤ᠋ ᠶᠢᠨ ᠳᠠᠭᠤᠨ ᠤ ᠳᠤᠮᠳᠠ ᠳᠠᠳᠠᠨ ᠤ ᠨᠠᠢ᠌ᠷ ᠡᠭᠢᠯᠡᠵᠤ ᠮᠠᠰᠢ ᠭᠦᠷ ᠭᠦᠭ᠍ᠵᠢᠶᠡᠨ ᠲᠡᠶ ᠪᠠᠢ᠌ᠯ᠎ᠠ᠃ ᠮᠠᠨ ᠤ ᠬᠤᠨᠢᠴᠢᠨ ᠭᠤᠸᠠᠢ ᠳᠠᠭᠤᠯᠠᠵᠤ᠂ ᠣᠮᠤ ᠠᠪᠣ ᠰᠢᠯᠦᠭᠯᠡᠵᠤ᠂ ᠵᠤᠯᠵᠠ ᠨᠠᠰᠤᠳᠠᠨ ᠮᠡᠷᠭᠡᠯᠡᠵᠤ ᠶᠡᠭᠡ ᠯᠠ ᠰᠠᠢ᠌ᠬᠠᠨ ᠨᠠᠢ᠌ᠷ ᠪᠣᠯᠵᠤ ᠪᠠᠢ᠌ᠯ᠎ᠠ᠃ ᠬᠤᠨᠢ ᠬᠤᠳᠠᠯᠠᠬᠤ ᠡᠷᠡᠨ ᠶᠢᠡᠷ᠂ ᠳᠠᠳᠠᠨ ᠤ ᠨᠠᠢ᠌ᠷ ᠦᠨᠳᠦᠷᠯᠠᠵᠤ ᠬᠤᠨᠢᠴᠢᠨ ᠭᠤᠸᠠᠢ ᠪᠣᠯᠤᠨ ᠣᠮᠤ ᠠᠪᠣ ᠰᠢᠳᠠᠷ᠎ᠠ ᠳᠠᠯᠪᠢᠯ᠎ᠠ᠃ ᠠᠪᠣ ᠪᠢᠳᠠ ᠬᠤᠶᠠᠷ᠂ ᠬᠤᠶᠠᠳᠤᠭᠠᠷ ᠠᠬ᠎ᠠ ᠶᠢ ᠳᠤᠰᠤᠨ ᠠᠪᠴᠤ ᠬᠤᠨᠢ ᠪᠠᠨ ᠬᠤᠳᠠᠯᠠᠪᠠ᠃ (ᠮᠠᠨ ᠤ ᠨᠤᠳᠤᠭ ᠲᠤ᠂ ᠵᠤᠨ ᠳᠠᠭᠠᠨ ᠳᠤᠮᠤᠬᠠᠨ ᠮᠤᠳᠤᠨ ᠬᠠᠰᠢᠶ᠎ᠠ ᠪᠠᠷᠢᠵᠤ ᠬᠤᠨᠢ ᠪᠠᠨ ᠬᠤᠳᠠᠯᠠᠳᠠᠭ ᠪᠠᠢ᠌ᠭᠰᠠᠨ)᠃ ᠬᠤᠶᠠᠳᠤᠭᠠᠷ ᠠᠬ᠎ᠠ ᠪᠢᠳᠠ ᠬᠤᠶᠠᠷ ᠣᠷᠤᠢ ᠶᠢᠨ ᠬᠤᠨᠢᠨ ᠮᠠᠨᠠᠭᠠᠨ ᠳᠤ ᠭᠠᠷᠬᠤ ᠭᠡᠳᠡᠯ᠎ᠡ ᠡᠵᠢ᠄ 《ᠮᠥᠮᠥ ᠨᠢ ᠬᠠᠷᠠᠵᠤ ᠪᠠᠢ᠌ᠶ᠎ᠠ᠂ ᠴᠢ ᠴᠢᠳᠠᠯ ᠲᠡᠶ ᠪᠣᠯ 〈ᠣᠮᠤ〉 ᠠᠪᠣ ᠲᠡᠶ ᠪᠠᠨ ᠰᠢᠳᠠᠷ᠎ᠠ ᠳᠠᠯᠪᠢᠵᠤ ᠦᠵᠡ ᠳ᠋ᠡ ︕ ᠳᠡᠭᠦᠨ ᠢ ᠳᠠᠢ᠌ᠯᠪᠠᠯ ᠴᠢᠮᠢ᠋ᠢ ᠵᠢᠩᠭᠢᠨᠢ ᠵᠥᠭᠡᠷ ᠰᠢᠳᠠᠷ᠎ᠠ ᠰᠤᠷᠤᠯ᠎ᠠ ᠭᠡᠶ᠎ᠡ ︕ ᠬᠤᠨᠢᠴᠢᠨ ᠭᠤᠸᠠᠢ ᠶᠢ ᠳᠠᠢ᠌ᠯᠤᠯ᠎ᠠ ᠭᠡᠵᠤ᠂ ᠬᠤᠶᠠᠳᠤᠭᠠᠷ ᠠᠬ᠎ᠠ ᠴᠢᠨᠢ ᠭᠦᠭᠡᠷᠴᠤ ᠪᠠᠢ᠌ᠭᠰᠠᠨ ᠪᠢᠰᠢ ᠦᠦ ︖ ᠬᠤᠳᠠᠯ ᠦᠨᠡᠨ ᠨᠢ ᠣᠳᠤ ᠯᠠ ᠢᠯᠭᠠᠷᠠᠨ᠎ᠠ ᠳ᠋ᠠ ︕》 ᠭᠡᠵᠤ ᠣᠯᠠᠨ ᠤ ᠳᠤᠮᠳᠠ ᠭᠡᠯᠡᠪᠡ᠃ ᠳᠠᠳᠠ᠂ ᠮᠠᠨ ᠤ ᠠᠪᠣ ᠡᠵᠢ ᠶᠢ ᠬᠡᠦᠬᠡᠳ ᠶᠢᠡᠨ ᠳᠠᠷᠢᠭᠢ ᠲᠡᠶ ᠭᠡᠵᠤ ᠮᠠᠵᠠᠭᠤᠯᠵᠤ ᠪᠠᠢ᠌ᠨ᠎ᠠ ᠭᠡᠰᠡᠨ ᠮᠠᠶ‍ᠢᠭ ᠲᠡᠶ ᠳᠤᠭᠤᠵᠤ ᠶᠠᠳᠠᠨ ᠢᠨᠢᠶᠠᠯᠳᠤᠨ᠂ ᠨᠠᠳᠠ ᠶᠢ ᠣᠷᠤᠢ ᠡᠴᠠ ᠣᠯᠠ ᠭᠦᠷᠳᠡᠯ᠎ᠡ ᠠᠵᠢᠭᠯᠠᠨ᠎ᠠ ᠁

     ᠣᠷᠤᠯᠮ᠎ᠠ ᠠᠪᠣ ᠪᠣᠯ᠂ ᠳᠠᠷᠢᠭᠢ ᠳᠤᠯᠤᠭᠠᠢ ᠰᠠᠴᠠᠨ ᠰᠡᠷᠭᠦᠯᠡᠩ᠂ ᠰᠢᠯᠦᠭ᠌ ᠳᠠᠭᠤᠤ ᠵᠤᠬᠢᠶᠠᠨ᠂ ᠦᠪᠡᠷ ᠶᠢᠡᠨ ᠳᠠᠭᠤᠯᠠᠵᠤ ᠴᠢᠳᠠᠳᠠᠭ ᠣᠷᠠᠨ ᠬᠤᠩᠰᠢᠶᠠᠷ ᠲᠡᠶ ᠭᠦᠮᠤᠨ ᠪᠢᠯᠠ᠂ ᠳᠡᠭᠦᠨ ᠤ ᠵᠤᠬᠢᠶᠠᠭᠰᠠᠨ ᠢᠨᠠᠭ ᠳᠤᠷᠠᠯᠠᠯ ᠤᠨ ᠳᠠᠭᠤᠤ ᠨᠤᠭᠤᠳ ᠢ ᠨᠢ ᠣᠳᠤ ᠪᠣᠯᠳᠠᠯ᠎ᠠ ᠵᠠᠷᠢᠮ ᠨᠠᠰᠤᠳᠠᠢ᠌ᠴᠤᠳ ᠳᠠᠭᠤᠯᠠᠭᠰᠠᠭᠠᠷ ᠰᠠᠨ᠃ ᠰᠤᠨᠤᠰᠬᠤᠯᠠᠷ ᠮᠤᠩᠭ᠋ᠤᠯ ᠣᠯᠤᠰ ᠲᠤ ᠶᠠᠯ᠎ᠠ ᠭᠦᠯᠢᠶᠡᠨ ᠥᠭᠡᠷᠴᠢᠯᠡᠭ᠍ᠳᠡᠵᠤ ᠪᠠᠢ᠌ᠬᠤ ᠳᠠᠭᠠᠨ ᠮᠤᠩᠭ᠋ᠤᠯ ᠰᠢᠳᠠᠷ᠎ᠠ᠂ 《ᠵᠢᠷᠠᠨ ᠫᠠᠢ》 ᠵᠡᠷᠭᠡ ᠶᠢ ᠰᠠᠢ᠌ᠨ ᠨᠠᠭᠠᠳᠤᠳᠠᠭ  ᠪᠠᠢ᠌ᠭᠰᠠᠨ ᠭᠡᠨ᠎ᠡ᠃ ᠵᠠ ᠳᠡᠭᠡᠭᠡᠳ ᠮᠠᠨ ᠤ ᠨᠠᠰᠤᠳᠠᠢ᠌ᠴᠤᠳ ᠤᠨ ᠰᠢᠳᠠᠷ᠎ᠠ ᠶᠢᠨ ᠳᠤᠯᠤᠯᠳᠤᠭᠠᠨ ᠴᠤ ᠣᠷᠭᠢᠯ ᠳᠠᠭᠠᠨ ᠳᠤᠯᠵᠤ᠂ ᠮᠠᠨ ᠤ ᠣᠮᠤ ᠠᠪᠣ ᠶᠢ ᠳᠡᠢ᠌ᠯᠭᠦ ᠭᠦᠮᠤᠨ ᠶᠠᠷᠤ ᠦᠭᠡᠶ ᠰᠢᠭ᠌ ᠪᠠᠢ᠌ᠨ᠎ᠠ᠃ ᠡᠪᠦᠭᠡᠨ ᠶᠠᠭᠠᠷᠠᠵᠤ ᠰᠠᠠᠳᠤᠷᠬᠤ ᠦᠭᠡᠶ᠂ ᠳᠦᠷᠦᠡᠭᠡ (ᠭᠠᠩᠰᠠ) ᠲᠡᠶ ᠳᠠᠮᠠᠭᠢ ᠪᠠᠨ ᠳᠠᠳᠠᠬᠤ᠂ ᠳᠠᠳᠠᠬᠤ ᠦᠭᠡᠶ ᠶᠢᠨ ᠬᠤᠭᠤᠷᠤᠠᠳᠤ ᠠᠮᠠᠨ ᠳᠠᠭᠠᠨ ᠵᠠᠭᠤᠵᠤ᠂ ᠱᠤᠭ ᠭᠠᠷᠭᠠᠨ ᠨᠥᠭᠦᠭᠡ ᠡᠳᠡᠭᠡᠳ ᠤᠨ ᠶᠢᠡᠨ 《ᠪᠣᠳᠠ》 ᠭᠦᠯᠦᠭ᠌ ᠢ ᠨᠢ ᠢᠳᠡᠭᠦ ᠳᠤ᠂ ᠨᠥᠭᠦᠭᠡ ᠳᠠᠯ᠎ᠠ ᠶᠢᠨ ᠰᠢᠳᠠᠷᠠᠴᠢᠨ ᠊᠊᠊᠊᠊᠊᠊᠊᠊᠊᠊᠊᠊᠊᠊ ᠮᠠᠨ ᠤ ᠬᠤᠨᠤᠴᠢᠨ ᠭᠤᠸᠠᠢ ᠮᠡᠭᠦᠰᠳᠡᠭᠦ ᠳᠡᠭᠡᠨ ᠭᠠᠷ ᠨᠢ ᠰᠠᠯᠭᠠᠨᠠᠨ᠂ ᠰᠢᠳᠠᠷ᠎ᠠ ᠶᠢᠨ ᠭᠦᠯᠦᠭ᠌ ᠶᠢᠡᠨ ᠠᠯᠳᠠᠵᠤ ᠪᠠᠢ᠌ᠬᠤ ᠶᠢ ᠥᠵᠡᠭᠡᠳ᠂ ᠬᠤᠶᠠᠳᠤᠭᠠᠷ ᠠᠬ᠎ᠠ ᠮᠢᠨᠢ ᠳᠡᠭᠦᠨ ᠢ ᠱᠤᠭᠯᠠᠨ᠂ ᠮᠢᠨᠤ ᠴᠢᠭᠢᠨ ᠳᠤ ᠬᠤᠨᠢᠴᠢᠨ ᠮᠠᠨᠢ 《ᠮᠠᠳᠠᠷᠠᠯ ᠤᠨ ᠡᠪᠡᠳᠴᠢᠨ》 ᠲᠡᠶ ᠪᠣᠯᠪᠠ᠂ ᠭᠡᠭᠦ ᠳᠤ ᠪᠢ ᠳᠠᠰᠬᠦ ᠠᠯᠳᠠᠵᠤ ᠭᠦᠮᠦᠰ ᠢ ᠰᠤᠴᠢᠳᠠᠯ᠎ᠠ ᠬᠠᠳᠠᠭᠠᠨᠠᠨ ᠢᠨᠢᠶᠠᠪᠠ ᠁

     ᠳᠡᠢ᠌ᠯᠦᠭ᠍ᠰᠡᠨ ᠭᠦᠮᠤᠨ ᠤ ᠳᠠᠭᠤᠨ ᠨᠢ ᠦᠨᠳᠦᠷ ᠭᠡᠳᠡᠭ᠍ᠴᠢᠯᠡᠨ᠂ ᠣᠮᠤ ᠠᠪᠣ ᠄ 《ᠣᠳᠤ ᠭᠡᠨ ᠨᠠᠳᠠᠳᠠᠢ ᠨᠠᠭᠠᠳᠤᠬᠤ ᠪᠣᠢ ︖》 ᠭᠡᠵᠤ ᠳᠡᠭᠡᠷ᠎ᠡ ᠰᠢᠭ ᠳᠠᠭᠤᠨ ᠶᠢᠡᠷ ᠶᠠᠷᠢᠭᠠᠤᠨ᠂ ᠠᠶᠠᠭ᠎ᠠ ᠲᠡᠶ ᠴᠠᠢ ᠪᠠᠨ ᠠᠮᠳᠠᠷᠬᠠᠨ ᠭᠡᠳᠤ ᠭᠡᠳᠤ ᠪᠠᠯᠭᠤᠭᠠᠤᠨ᠂ ᠡᠰᠢ ᠳᠠᠰᠢ ᠪᠠᠷᠠᠯᠠᠬᠤ ᠶᠢ ᠪᠢ ᠥᠵᠡᠭᠡᠳ᠄ 《ᠪᠢ ᠨᠢᠭᠡ ᠨᠠᠭᠠᠳᠤᠵᠤ ᠦᠵᠡᠶ᠎ᠠ ︖》 ᠭᠡᠭᠦ ᠳᠤ᠂ ᠦᠷᠦᠭᠡ ᠭᠡᠷ ᠤᠨ ᠳᠤᠳᠤᠷᠠᠭᠢ ᠭᠦᠮᠦᠰ ᠰᠤᠴᠢᠰᠭᠢᠨ ᠨᠠᠮᠢ᠋ᠢ ᠭᠠᠢ᠌ᠬᠠᠨ ᠬᠠᠷᠬᠤ ᠳᠤ 《ᠴᠢ ︕ ᠁》 ᠭᠡᠵᠤ ᠣᠷᠤᠯᠮ᠎ᠠ ᠠᠪᠣ ᠨᠠᠮᠢ᠋ᠢ ᠶᠡᠭᠡᠯ᠎ᠡ ᠳᠤᠭᠤᠵᠤ ᠶᠠᠳᠠᠬᠤ ᠮᠠᠶ‍ᠢᠭ ᠲᠡᠶ ᠪᠠᠷ ᠥᠭᠡ ᠪᠠᠨ ᠳᠤᠳᠠᠭᠤ ᠬᠠᠭᠠᠰ ᠶᠠᠷᠢᠬᠤ ᠳᠤ ᠡᠵᠢ ᠮᠢᠨᠢ ᠳᠡᠭᠦᠨ ᠤ ᠥᠭᠡ ᠶᠢ ᠵᠠᠯᠭᠠᠨ᠄ 《ᠵᠠ ᠪᠣᠯᠵᠠᠢ ︕ ᠰᠠ‍‌ᠶᠢ ᠳᠦᠷᠤᠩᠰᠠᠨ ᠳᠤᠭᠤᠯ ᠪᠠᠷᠰ ᠡᠴᠠ ᠠᠶᠤᠬᠤ ᠦᠭᠡᠶ ᠭᠡᠭ᠍ᠴᠢᠯᠡᠨ ᠠᠮᠠᠨ ᠰᠥ᠋ ᠴᠢᠨᠢ ᠪᠠᠰᠠ ᠰᠠᠢ᠌ᠨ ᠠᠷᠢᠯᠠᠭᠠᠳᠤᠢ ᠪᠠᠢ᠌ᠭᠠᠤᠨ ᠠᠪᠣ ᠲᠡᠶ ᠪᠠᠨ ᠮᠦᠷᠣᠢ᠌ᠴᠠᠨ᠎ᠠ ᠭᠡᠭᠦ ᠳᠡᠭᠡᠨ ᠴᠢ ︖》 ᠭᠡᠭᠦ ᠳᠤ ᠭᠡᠷ ᠤᠨ ᠬᠣᠢ᠌ᠮᠤᠷ ᠲᠤ ᠬᠠᠵᠠᠭᠤᠯᠠᠨ ᠪᠢᠴᠢᠭ᠌ ᠦᠵᠡᠵᠤ ᠪᠠᠢ᠌ᠭᠰᠠᠨ ᠠᠪᠣ ᠮᠢᠨᠢ᠄ 《ᠵᠠ ᠶᠠᠭᠠᠭᠢᠬᠤ ᠪᠣᠢ᠂ ᠮᠢᠨᠤ ᠮᠠᠩᠭ᠋ᠠᠤᠨ (ᠣᠷᠤᠰ) ᠭᠦᠤ ᠲᠡᠶ ᠨᠢᠭᠡ ᠨᠠᠭᠠᠳᠴᠤ ᠦᠵᠡ᠂ ᠭᠦᠤ ᠮᠢᠨᠢ ᠶᠡᠭᠡ ᠵᠤᠷᠢᠭ ᠲᠡᠶ ᠪᠠᠢ᠌ᠨ᠎ᠠ ᠪᠣᠯᠵᠤ ᠪᠠᠢ᠌ᠨ᠎ᠠ ︕ ᠁》 ᠭᠡᠵᠤ ᠨᠠᠮᠢ᠋ᠢ ᠵᠤᠷᠢᠭᠵᠢᠭᠤᠯᠤᠨ ᠶᠠᠷᠢᠬᠤ ᠳᠤ ᠭᠦᠮᠦᠰ ᠵᠥᠪᠰᠢᠶᠡᠷᠡᠭ᠍ᠰᠡᠨ ᠴᠢᠷᠠᠢ ᠭᠠᠷᠭᠠᠨ ᠬᠠᠷᠢᠯᠴᠠᠨ ᠰᠢᠷᠳᠠᠯᠴᠠᠨ᠎ᠠ᠃ ᠣᠷᠤᠯᠮ᠎ᠠ ᠠᠪᠣ ᠴᠤ᠄ 《ᠵᠠ᠂ ᠨᠠᠰᠢ ᠢᠷ᠎ᠠ ᠬᠤᠶᠠᠭᠤᠯᠠ ᠨᠢᠭᠡ ᠮᠦᠷᠣᠢ᠌ᠴᠠᠵᠤ ᠦᠵᠡᠶ᠎ᠠ᠂ ᠭᠦᠤ ᠮᠢᠨᠢ ᠴᠢ ᠠᠪᠣ ᠳᠠᠭᠠᠨ ᠳᠡᠢ᠌ᠯᠦᠭ᠍ᠳᠡᠪᠠᠯ᠂ ᠳᠤᠯᠤᠭᠠᠢ ᠶᠢ ᠴᠢᠨᠢ ᠨᠢᠰᠤᠯᠠᠨ᠎ᠠ》 ᠭᠡᠵᠤ ᠮᠢᠨᠤ ᠦᠰᠦ ᠶᠢ ᠭᠦᠭᠡᠷᠦᠭᠦᠢᠯᠡᠨ ᠢᠯᠪᠢᠵᠤ ᠳᠦᠷᠦᠡᠭᠡ ᠲᠡᠶ ᠳᠠᠮᠠᠭᠢ ᠪᠠᠨ ᠫᠠᠭ᠂ ᠫᠠᠭ ᠁ ᠳᠠᠳᠠᠬᠤ ᠶᠢᠨ ᠬᠠᠮᠳᠤ ᠰᠢᠳᠠᠷ᠎ᠠ ᠶᠢᠨ ᠭᠦᠯᠭᠡ ᠪᠠᠨ᠂ ᠴᠢᠰᠤ ᠴᠢᠳᠬᠤᠭᠰᠠᠨ ᠥᠭᠡᠷ ᠤᠨ ᠭᠡᠳᠡᠰᠤ ᠰᠢᠭ᠌ ᠪᠦᠳᠦᠭᠦᠨ ᠬᠤᠷᠤᠭᠤ ᠪᠠᠷ ᠶᠢᠡᠨ ᠶᠠᠭᠠᠷᠠᠯ ᠦᠭᠡᠶ ᠦᠷᠦᠭᠦ ᠶᠢ ᠬᠠᠷᠬᠤ ᠳᠤ ᠥᠨᠡᠭᠡᠷ ᠢᠨᠢᠶᠠᠳᠤᠮ ᠭᠦᠷᠦᠮᠡᠷ᠃

     ᠠᠪᠣ᠂ ᠠᠴᠢ ᠬᠤᠶᠠᠷ ᠤᠨ ᠰᠢᠳᠠᠷ᠎ᠠ ᠶᠢᠨ ᠮᠦᠷᠥᠢᠴᠡᠭᠡᠨ ᠡᠭᠢᠯᠡᠯ᠎ᠡ᠂ ᠦᠷᠦᠭᠡ ᠭᠡᠷ ᠤᠨ ᠭᠦᠮᠦᠰ ᠰᠢᠳᠠᠷ᠎ᠠ ᠶᠢᠨ ᠳᠠᠪᠠᠭ ᠥᠭᠡᠳᠡ ᠣᠪᠣᠭᠠᠷᠠᠯᠳᠠᠨ᠂ ᠳᠤᠯᠤᠭᠠᠢ ᠳᠤᠯᠤᠭᠠᠢ ᠪᠠᠨ ᠰᠢᠬᠠᠯᠴᠠᠭᠤᠯᠤᠨ᠂ ᠪᠢᠳᠠᠨ ᠬᠤᠶᠠᠷ ᠰᠢᠳᠠᠷᠠᠴᠢᠨ ᠤ ᠰᠢᠳᠠᠷ᠎ᠠ ᠶᠢᠨ ᠭᠦᠯᠭᠡ ᠪᠠᠨ ᠭᠦᠳᠡᠯᠭᠡᠭᠦ ᠠᠯᠬᠤᠮ ᠳᠠᠷᠠᠭ᠎ᠠ ᠶᠢ ᠨᠢᠳᠤ ᠠᠯᠳᠠᠯ ᠦᠭᠡᠶ ᠬᠠᠷᠬᠤ ᠳᠤ᠂ ᠰᠦᠮᠠᠯᠵᠠᠨ ᠨᠤᠴᠠᠬᠤ ᠯᠠ ᠭᠦᠴᠢᠯᠳᠦ᠋ᠷᠦᠭ᠍ᠴᠢ ᠳᠤᠳᠠᠭᠳᠠᠵᠤ ᠭᠡᠷᠡᠯ ᠨᠢ ᠮᠠᠭᠤᠳᠠᠵᠤ ᠳᠠᠷᠪᠠᠯᠵᠠᠨ ᠨᠤᠴᠤᠨ᠎ᠠ᠃

     ᠮᠠᠨ ᠤ ᠬᠤᠶᠠᠷ ᠰᠢᠳᠠᠷᠠᠴᠢᠨ ᠤ ᠳᠡᠷᠢᠭᠦᠨ ᠬᠤᠶᠠᠷ ᠡᠭᠡᠯᠵᠢᠶᠡᠨ ᠳᠤ ᠠᠪᠣ ᠨᠢᠭᠡ ᠣᠯᠵᠤ᠂ ᠳᠠᠷᠠᠭ᠎ᠠ ᠨᠢ ᠪᠢ ᠬᠠᠷᠢᠭᠤ ᠨᠢᠭᠡ ᠣᠯᠵᠤ ᠮᠦᠷᠥᠢᠴᠡᠭᠡᠨ ᠤ ᠳ᠋ᠦ᠋ᠩ ᠨᠢᠭᠡ ᠬᠠᠷᠢᠴᠠᠬᠤ ᠨᠢᠭᠡ᠃ ᠣᠳᠤ ᠬᠠᠮᠤᠭ ᠰᠡᠭᠦᠯ ᠤᠨ ᠵᠠᠩᠭᠢᠯᠭ᠎ᠠ ᠶᠢᠨ ᠡᠭᠡᠯᠵᠢ ᠪᠣᠯᠪᠠ᠂ ᠣᠮᠤ ᠠᠪᠣ ᠨᠢᠭᠡ ᠳᠦᠷᠦᠡᠭᠡ ᠳᠠᠮᠠᠭᠢ ᠨᠤᠴᠤᠭᠠᠨ᠂ ᠬᠤᠶᠠᠷ ᠪᠠᠯᠭᠤ ᠴᠠᠢ ᠣᠤᠭᠤᠭᠠᠤᠨ᠄ 《ᠳᠠᠮᠪᠠᠷᠠᠯ (ᠮᠢᠨᠤ ᠠᠪᠣ ᠶᠢᠨ ᠨᠠᠷ᠎ᠠ) ᠊ᠤᠨ ᠡᠨᠡ ᠰᠢᠷ᠎ᠠ ᠭᠦᠤ ᠴᠢᠨᠢ ᠶᠠᠷᠤ ᠶᠢᠨ ᠰᠢᠷ᠎ᠠ ᠪᠢᠰᠢ ᠡ ᠁》 ᠭᠡᠵᠤ ᠬᠠᠮᠠᠷ ᠶᠢᠡᠷ ᠶᠢᠡᠨ ᠭᠤᠩᠭᠢᠨᠠᠨ ᠶᠠᠷᠢᠬᠤ ᠳᠤ᠂ ᠮᠢᠨᠤ ᠠᠪᠣ ᠶᠢᠨ ᠴᠢᠷᠠᠢ ᠳᠤ ᠭᠡᠯᠡᠭᠦ ᠶᠢᠨ ᠠᠷᠭ᠎ᠠ ᠦᠭᠡᠶ ᠪᠠᠶᠠᠷ ᠪᠠᠬᠠᠳᠤᠯ ᠪᠢᠯᠬᠠᠵᠤ᠂ ᠪᠢ ᠴᠤ ᠣᠯᠠᠮ ᠵᠤᠷᠢᠭ ᠰᠦᠰᠦ ᠲᠡᠶ ᠪᠣᠯᠪᠠ᠃ ᠳᠡᠭᠡᠭᠡᠳ ᠭᠤᠷᠪᠠᠳᠤᠭᠠᠷ ᠡᠭᠡᠯᠵᠢ ᠶᠢᠨ ᠰᠢᠳᠠᠷ᠎ᠠ ᠶᠢᠨ ᠭᠦᠯ ᠶᠢᠡᠨ ᠰᠠᠢ᠌ᠬᠠᠨ ᠠᠵᠠᠭᠯᠠᠬᠤ ᠳᠤ ᠭᠤᠷᠪᠠᠨ ᠠᠯᠬᠤᠮ ᠤᠨ ᠳᠤᠳᠤᠷ᠎ᠠ ᠡᠪᠦᠭᠡᠨ ᠠᠪᠣ ᠪᠠᠨ ᠮᠠᠤᠨ ᠪᠣᠯᠭᠠᠬᠤ ᠪᠣᠯᠤᠯᠴᠠᠭ᠎ᠠ ᠪᠠᠢ᠌ᠬᠤ ᠶᠢ ᠦᠵᠡᠵᠤ ᠭᠠᠷᠤᠯ᠎ᠠ᠃ ᠳᠡᠭᠦᠨ ᠤ ᠨᠤᠶᠠᠨ ᠨᠢ ᠰᠢᠳᠠᠷ᠎ᠠ ᠶᠢᠨ ᠳᠠᠪᠠᠭ ᠤᠨ ᠥᠡᠴᠦᠭ᠌ ᠤᠨ ᠨᠢᠳᠤᠨ ᠳᠤ ᠪᠠᠢ᠌ᠬᠤ᠂ ᠳᠤᠳᠤᠭᠰᠢ ᠨᠢᠭᠡ ᠨᠢᠳᠤ ᠠᠯᠤᠰᠯᠠᠪᠠᠯ ᠳᠡᠷᠭᠡ (ᠥᠭᠡᠯᠡᠳ ᠪᠠᠷ ᠬᠠᠩᠭ᠋ᠠᠢ ᠭᠡᠨ᠎ᠡ) ᠨᠢ ᠪᠠᠢ᠌ᠷᠠᠯᠠᠨ ᠨᠤᠶᠠᠨ ᠤ ᠡᠭᠦᠳᠡᠨ ᠡᠮᠦᠨᠡᠭᠢ ᠨᠢᠭᠡ ᠨᠢᠳᠤ ᠲᠦᠯᠭᠢᠭ᠍ᠰᠡᠨ ᠡᠴᠠ ᠪᠣᠰᠤᠳ ᠨᠢ ᠭᠦᠳᠡᠯᠦᠭ᠍ᠰᠡᠨ ᠦᠭᠡᠶ ᠪᠣᠯᠬᠤᠷ ᠨᠤᠶᠠᠨ ᠨᠢ ᠬᠤᠶᠠᠷᠬᠠᠨ ᠨᠢᠳᠤ ᠶᠠᠪᠣ ᠵᠠᠮ ᠲᠡᠶ ᠪᠣᠯᠬᠤ ᠡᠮᠵᠢᠭ᠌ ᠲᠡᠶ ᠳᠠᠯ᠎ᠠ ᠶᠢ ᠪᠢ ᠦᠵᠡᠵᠤ ᠭᠠᠷᠤᠯ᠎ᠠ᠃ ᠳᠡᠭᠦᠨ ᠤ ᠡᠨᠡᠭᠦ ᠪᠠᠭᠤᠷᠠᠢ ᠳᠠᠯ᠎ᠠ ᠶᠢ ᠠᠰᠢᠭᠯᠠᠨ ᠭᠡᠨᠡᠳᠲᠡ ᠶᠢᠨ ᠳᠠᠭᠠᠷᠢᠯᠳᠠ ᠭᠢᠪᠠᠯ ᠣᠯᠬᠤ ᠪᠣᠯᠤᠯᠴᠠᠭ᠎ᠠ ᠮᠠᠭᠠᠤᠨ ᠠᠷᠪᠢᠨ ᠪᠣᠢ᠃ ᠳᠡᠭᠡᠭᠡᠳ ᠪᠢ ᠮᠤᠷᠢ ᠪᠠᠷ ᠶᠢᠡᠨ ᠳᠡᠭᠦᠨ ᠤ ᠳᠤᠳᠤᠷ᠎ᠠ ᠳᠠᠯ᠎ᠠ ᠶᠢᠨ ᠭᠦᠤ ᠶᠢ ᠨᠢ ᠢᠳᠠᠵᠤ 《ᠦᠷᠢᠭᠡᠯ ︕》 (ᠮᠤᠷᠢ ᠪᠠᠷ ᠨᠤᠶᠠᠨ ᠢ ᠱᠠᠯᠠᠬᠤ ᠳᠠᠭᠠᠷᠢᠯᠳᠠ ᠶᠢᠨ ᠳᠤᠰᠠᠬᠠᠢ ᠥᠭᠡ) ᠭᠡᠭᠦ ᠳᠤ᠂ ᠨᠤᠶᠠᠨ ᠨᠢ ᠳᠤᠳᠤᠭᠰᠢ ᠨᠢᠭᠡ ᠨᠢᠳᠤ ᠰᠢᠯᠵᠢᠪᠠ᠂ ᠨᠠᠨ ᠨᠢ ᠮᠢᠨᠤ ᠭᠡᠨᠡᠳᠲᠡ ᠶᠢᠨ ᠳᠠᠭᠠᠷᠢᠯᠳᠠ ᠶᠢᠨ ᠨᠢᠭᠡᠳᠦᠭᠡᠷ ᠠᠯᠬᠤᠮ ᠪᠣᠯᠤᠨ᠎ᠠ᠂ ᠬᠤᠶᠠᠳᠤᠭᠠᠷ ᠲᠤ ᠥᠭ᠍ᠶ‍ᠦᠭᠡ ᠥᠭ᠍ᠴᠤ ᠵᠠᠮ ᠣᠯᠬᠤ ᠠᠷᠭ᠎ᠠ ᠶᠢ ᠭᠡᠷᠡᠭᠯᠡᠨ ᠳᠡᠭᠦᠨ ᠤ ᠳᠡᠷᠭᠡ ᠪᠠ ᠮᠢᠨᠤ ᠪᠠᠷᠰ ᠬᠤᠶᠠᠷ ᠤᠨ ᠬᠤᠭᠤᠷᠤᠠᠳᠤᠭᠢ ᠨᠥᠭᠦᠭᠡ ᠮᠤᠷᠢ ᠪᠠᠨ ᠨᠢᠭᠡ ᠠᠯᠬᠤᠮ ᠳᠠᠪᠰᠢᠬᠤ ᠳᠤ᠂ ᠡᠪᠦᠭᠡᠨ ᠠᠪᠣ ᠮᠢᠨᠤ ᠪᠠᠷᠰ ᠶᠢᠡᠷ ᠶᠢᠡᠨ ᠥᠭ᠍ᠶ‍ᠦᠭᠡ ᠥᠭ᠍ᠴᠤ᠂ ᠬᠠᠷᠠᠯᠳᠠ ᠶᠢ ᠨᠢ ᠰᠢᠯᠵᠢᠭᠦᠯᠤᠨ᠂ ᠮᠤᠷᠢ ᠪᠠᠷ ᠶᠢᠡᠨ ᠳᠠᠭᠠᠷᠢᠬᠤ ᠠᠷᠭ᠎ᠠ ᠳᠤ ᠣᠷᠤᠵᠤ᠂ ᠪᠠᠷᠰ ᠢ ᠮᠢᠨᠢ ᠱᠠᠯᠠᠪᠳᠠᠨ ᠢᠳᠠᠵᠤ᠂ ᠶᠡᠭᠡ ᠯᠠ ᠣᠯᠵᠠ ᠣᠯᠤᠭᠰᠠᠨ ᠰᠢᠭ᠄ 《ᠭᠡᠭ᠌ ᠭᠡᠭ᠌ ᠁》 ᠪᠠᠶᠠᠷᠯᠠᠨ ᠢᠨᠢᠶᠠᠵᠤ᠄ 《ᠬᠡᠦᠬᠡᠳ ᠮᠢᠨᠢ ᠡᠨᠡ ᠪᠠᠨ ᠪᠣᠳᠤᠬᠤ ᠭᠡᠷᠡᠭ᠍ᠳᠡᠢ ᠰᠢᠤ ᠁》 ᠭᠡᠵᠤ ᠪᠠᠰᠠᠯᠠ ᠬᠠᠮᠠᠷ ᠶᠢᠡᠷ ᠶᠢᠡᠨ ᠭᠤᠩᠭᠢᠨᠠᠨ ᠶᠠᠷᠢᠵᠤ ᠣᠳᠠᠳᠠᠯ᠎ᠠ ᠳᠠᠳᠠᠭᠰᠠᠨ ᠦᠭᠡᠶ ᠣᠠᠳᠠᠷᠠᠭᠰᠠᠨ ᠳᠠᠮᠠᠭᠢ ᠪᠠᠨ ᠳᠠᠭᠢᠨ ᠨᠤᠴᠤᠭᠠᠵᠤ ᠶᠠᠳᠠᠬᠤ ᠳᠤ᠂ ᠰᠢᠳᠠᠷ᠎ᠠ ᠶᠢᠨ ᠶᠧᠨᠤ ᠥᠵᠡᠭ᠍ᠴᠢᠳ ᠴᠤ ᠰᠠᠠᠳᠤᠷᠠᠬᠤ ᠳᠠᠭᠠᠨ᠄ 《ᠠᠶ᠎ᠠ᠂ ᠪᠠᠷᠠᠪᠠ ᠵᠠᠮᠰᠠ ᠴᠢ ᠪᠠᠷᠰ ᠶᠢᠡᠨ ᠥᠵᠡᠭᠦ ᠦᠭᠡᠶ ᠦᠦ᠁ ᠶᠠᠭᠤᠨ ᠳᠤ ᠳᠡᠭᠡᠵᠤ ᠶᠠᠪᠣᠬᠤ ᠶᠤᠮ ᠁ ᠭᠡᠵᠢ ᠨᠠᠮᠢ᠋ᠢ ᠣᠴᠠᠭᠠᠷᠯᠠᠨ ᠶᠠᠷᠢᠯᠴᠠᠨ᠎ᠠ ᠁ ᠪᠢ ᠠᠵᠢᠭ ᠴᠤ ᠦᠭᠡᠶ ᠪᠠᠷ᠂ ᠭᠤᠷᠪᠠᠳᠤᠭᠠᠷ ᠲᠤ ᠱᠠᠭᠯᠠᠵᠤ ᠮᠠᠳᠯᠠᠬᠤ ᠠᠷᠠᠭ᠎ᠠ ᠪᠠᠨ ᠭᠡᠷᠡᠭᠯᠡᠨ᠂ ᠵᠠᠮ ᠣᠯᠤᠭᠰᠠᠨ ᠮᠤᠷᠢ ᠪᠠᠷ ᠶᠢᠡᠨ 《ᠦᠷᠢᠭᠡᠯ ︕ ᠠᠪᠣ ᠡ ᠳᠠ ᠪᠠᠰᠠ ᠡᠨᠡ ᠪᠠᠨ ᠪᠣᠳᠤᠬᠤ ᠭᠡᠷᠡᠭ᠍ᠳᠡᠢ ᠰᠢᠤ ᠁》 ᠭᠡᠵᠤ ᠬᠠᠷᠢᠭᠤ ᠠᠪᠬᠤ ᠮᠠᠶ‍ᠢᠭ ᠲᠡᠶ ᠭᠡᠵᠤ ᠭᠡᠯᠡᠭᠦ ᠳᠤ ᠭᠦᠮᠦᠰ ᠤᠨ ᠬᠠᠷᠠᠴᠠ ᠳᠠᠭᠢᠨ ᠰᠢᠳᠠᠷ᠎ᠠ ᠶᠢᠨ ᠭᠦᠯᠭᠡ ᠳᠡᠭᠡᠷ᠎ᠡ ᠲᠦᠪᠯᠡᠷᠠᠪᠠ᠃ ᠣᠷᠤᠯᠮ᠎ᠠ ᠠᠪᠣ ᠮᠢᠨᠢ ᠬᠤᠯᠪᠣᠭ᠎ᠠ ᠮᠤᠷᠢᠨ ᠤ 《ᠦᠷᠢᠭᠡᠯ ︕》 ᠳ᠋ᠤ ᠮᠠᠤᠨ ᠪᠣᠯᠤᠭᠰᠠᠨ ᠶᠢᠡᠨ ᠮᠠᠭᠠᠳᠯᠠᠵᠤ᠂ ᠪᠠᠷᠢᠵᠤ ᠪᠠᠢ᠌ᠭᠰᠠᠨ ᠭᠡᠳᠤᠨ ᠰᠢᠳᠠᠷ᠎ᠠ ᠶᠢᠨ ᠭᠦᠯᠭᠡ ᠤᠳ ᠶᠢᠡᠨ ᠭᠠᠷ ᠤᠨ ᠠᠶ᠎ᠠ ᠪᠠᠷ ᠰᠢᠳᠠᠷ᠎ᠠ ᠶᠢᠨ ᠳᠠᠪᠠᠭ ᠳᠡᠭᠡᠷ᠎ᠡ ᠳᠠᠯᠪᠢᠨ᠄ 《ᠣᠷᠢᠳᠤ ᠭᠠᠷᠤᠭᠰᠠᠨ ᠴᠢᠭᠢ ᠡᠴᠠ ᠬᠣᠢ᠌ᠨ᠎ᠠ ᠣᠷᠭᠤᠭᠰᠠᠨ ᠡᠪᠠᠷ ᠬᠠᠳᠠᠭᠤ ᠰᠢᠤ》 ᠭᠡᠵᠤ ᠭᠦᠨ ᠰᠡᠳᠬᠢᠯᠭᠡ ᠲᠡᠶ ᠪᠠᠷ ᠱᠤᠭ ᠭᠠᠷᠭᠠᠨ ᠶᠠᠷᠢᠬᠤ ᠳᠤ ᠭᠦᠮᠦᠰ ᠨᠠᠮᠢ᠋ᠢ ᠭᠦᠭᠡᠷᠦᠭᠦᠢᠯᠡᠨ᠂ ᠪᠢᠰᠢᠷᠡᠭ᠍ᠰᠡᠨ ᠬᠠᠷᠴᠠ ᠪᠠᠷ ᠰᠢᠷᠳᠠᠨ᠎ᠠ᠃ ᠳᠡᠭᠡᠭᠡᠳ ᠣᠮᠤ ᠠᠪᠣ ᠨᠠᠮᠢ᠋ᠢ ᠡᠪᠦᠷ ᠳᠡᠭᠡᠷ᠎ᠡ ᠪᠠᠨ ᠰᠠᠭᠤᠯᠭᠠᠨ᠂ ᠮᠠᠩᠨᠠᠢ ᠶᠢ ᠮᠢᠨᠢ ᠭᠡᠳᠦᠳᠡ ᠦᠨᠦᠰᠴᠤ᠂ ᠬᠠᠷᠮᠠᠨ ᠡᠴᠠ ᠪᠠᠨ ᠵᠤᠭᠤᠰ ᠭᠠᠷᠭᠠᠨ ᠨᠠᠳᠠᠳᠤ ᠭᠠᠷᠳᠠᠭᠤᠯᠬᠤ ᠶᠢᠨ ᠬᠠᠮᠳᠤ᠄ 《ᠭᠦᠮᠤᠨ ᠪᠣᠯ ᠨᠢᠭᠡ ᠪᠣᠯ ᠰᠡᠷᠭᠦᠵᠤ ᠳᠦᠷᠤᠨ᠎ᠠ ᠦᠭᠡᠶ ᠪᠣᠯ ᠰᠢᠷᠭᠡᠵᠤ ᠳᠦᠷᠤᠨ᠎ᠠ᠃ ᠭᠦᠤ ᠮᠢᠨᠢ ᠴᠢ ᠰᠡᠷᠭᠦᠵᠤ ᠳᠦᠷᠦᠭ᠍ᠰᠡᠨ ᠭᠦᠮᠤᠨ ᠪᠠᠢ᠌ᠨ᠎ᠠ ᠳ᠋ᠠ ︕ ᠁》 ᠭᠡᠵᠤ ᠶᠠᠷᠢᠪᠠ᠃ ᠨᠠᠰᠤᠳᠠᠨ ᠠᠪᠣ ᠶᠢᠨ ᠶᠢᠡᠨ ᠢᠩᠭᠢᠵᠤ ᠶᠠᠷᠢᠭᠰᠠᠨ ᠢ ᠪᠢ ᠮᠦᠨᠴᠤ ᠣᠳᠤ ᠪᠣᠯᠳᠠᠯ᠎ᠠ ᠴᠡᠭᠡᠵᠢᠯᠡᠭ᠍ᠰᠡᠭᠡᠷ᠂ ᠨᠠᠰᠤᠳᠠᠨ ᠠᠪᠣ ᠲᠡᠶ ᠪᠠᠨ ᠳᠡᠭᠡᠵᠤ ᠨᠢᠭᠡᠨ ᠣᠳᠠᠭᠠᠨ ᠤ ᠰᠢᠳᠠᠷ᠎ᠠ ᠶᠢᠨ ᠮᠦᠷᠥᠢᠴᠡᠭᠡᠨ ᠭᠢᠭ᠍ᠰᠡᠨ ᠶᠢᠡᠨ ᠴᠤ ᠪᠢ ᠭᠡᠵᠢᠶᠡᠳᠡ ᠮᠠᠷᠳᠠᠬᠤ ᠦᠭᠡᠶ ᠡᠪᠴᠢᠭᠦᠤ ᠴᠡᠭᠡᠵᠢᠨ ᠳᠡᠭᠡᠨ ᠬᠠᠳᠠᠯᠠᠭᠠᠭᠰᠠᠭᠠᠷ ᠪᠢᠯᠠ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9241
ᠴᠠᠭ᠄ 2011 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ