☆ ᠪᠠ᠊·ᠣᠳᠬᠤᠠᠪᠠᠭᠠᠳᠤᠷ
ᠮᠢᠨᠤ ᠪᠦᠰᠡᠭᠦᠢ
ᠮᠢᠨᠤ ᠪᠦᠰᠡᠭᠦᠢ
ᠪᠠᠯᠠᠷ ᠤᠨ ᠭᠦᠮᠤᠨ
ᠪᠢᠴᠢᠭ᠌ ᠤᠨ ᠮᠦᠷ ᠳᠠᠢ
ᠰᠤᠶᠤᠯᠳᠠᠨ ᠭᠦᠮᠤᠨ
ᠪᠠᠭᠰᠠᠢ ᠭᠠᠷᠤᠯ ᠳᠠᠢ
ᠭᠠᠪᠢᠶᠠᠳᠠᠨ ᠭᠦᠮᠤᠨ
ᠪᠦᠰᠡ ᠪᠠᠨ ᠳᠠᠷᠤᠭᠰᠠᠨ
ᠪᠣᠷᠤᠭᠵᠢᠭᠤᠨ ᠭᠦᠮᠤᠨ︕
ᠠᠯᠠᠭ᠎ᠠ ᠪᠠᠭᠳᠠᠬᠤ ᠥᠭᠡᠢ
ᠳᠦᠷᠢᠶᠠᠰᠤᠨ ᠭᠡᠷ ᠳᠤ
ᠦᠭᠡᠶ ᠪᠠᠨ ᠬᠤᠪᠢᠶᠠᠯᠴᠠᠵᠤ
ᠠᠢ᠌ᠯ ᠪᠣᠯᠤᠭᠰᠠᠨ ᠶᠤᠮ︕
ᠡᠮᠵᠡᠭ᠍ᠭᠡᠨ ᠬᠠᠢ᠌ᠷ᠎ᠠ ᠶᠢᠨ
ᠭᠦᠪᠠᠭᠡ ᠶᠢ ᠳᠠᠷᠤᠵᠤ
ᠭᠤᠯᠤᠮᠳᠠ ᠶᠢᠨ ᠴᠠᠭᠠᠨ
ᠭᠦᠤ ᠵᠠᠶᠠᠭᠠᠭᠰᠠᠨ ᠶᠤᠮ︕
ᠰᠤᠷᠭᠠᠭᠤᠯᠢ ᠭᠡᠷ ᠤᠨ ᠵᠠᠢ ᠳ᠋ᠤ
ᠰᠤᠨᠤ ᠠᠯᠬᠤᠭᠰᠠᠨ ᠮᠦᠷ ᠴᠢᠨᠢ ᠪᠣᠢ︕
ᠰᠦᠨᠢ ᠡᠳᠦᠷ ᠤᠨ
ᠣᠷᠤᠨ ᠵᠠᠢ ᠳ᠋ᠤ
ᠰᠦᠷᠡᠭᠡᠢ ᠵᠦᠳᠡᠷᠡᠯ᠎ᠠ
ᠪᠦᠰᠡᠭᠦᠢ ᠮᠢᠨᠢ︕
ᠦᠷ᠎ᠡ ᠪᠠᠨ ᠬᠠᠢ᠌ᠷᠠᠯᠠᠬᠤ ᠰᠢᠭ
ᠰᠤᠷᠤᠭᠴᠢ ᠪᠠᠨ ᠳᠤᠳᠤᠮᠳᠠᠵᠤ
ᠦᠷ ᠶᠢᠡᠷ ᠪᠣᠰᠴᠤ
ᠬᠠᠷᠠᠩᠭ᠋ᠤᠢ ᠪᠠᠷ ᠬᠠᠷᠢᠳᠠᠭ
ᠪᠠᠭᠰᠢ ᠭᠦᠮᠤᠨ
ᠴᠢ ᠯᠠ ᠪᠠᠢ᠌ᠭᠰᠠᠨ ᠢ
ᠭᠡᠨ ᠮᠡᠳᠡᠭᠦ ᠦᠭᠡᠶ ᠴᠤ
ᠪᠢ ᠮᠠᠳᠠᠨ᠎ᠠ︕
ᠡᠪᠦᠭᠡᠨ ᠨᠠᠰᠤᠳᠠᠨ
ᠡᠩᠭᠦᠷᠡᠢ ᠨᠢᠯᠬ᠎ᠠ ᠪᠠᠨ
ᠠᠷᠴᠢᠯᠠᠵᠤ ᠶᠠᠪᠣᠭᠰᠠᠨ
ᠭᠠᠪᠢᠶ᠎ᠠ ᠲᠡᠶ ᠭᠦᠮᠤᠨ
ᠠᠢ᠌ᠯ ᠰᠠᠭᠠᠬᠠᠯᠳᠠ ᠳᠠᠭᠠᠨ
ᠡᠶᠡᠯᠳᠡᠭ᠌ ᠶᠠᠪᠣᠯᠴᠠᠳᠠᠭ
ᠣᠠᠴᠠ ᠶᠢᠨ ᠰᠠᠢ᠌ᠬᠠᠨ
ᠠᠭᠠᠰᠢ ᠲᠡᠶ ᠪᠦᠰᠡᠭᠦᠢ︕
2010.12.12
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ