☆ ᠨᠠᠷᠠᠰᠤ
ᠠᠷᠭᠠᠯᠴᠢᠨ ᠡᠵᠢ ᠮᠢᠨᠢ
ᠠᠷᠭᠠᠯᠴᠢᠨ ᠡᠵᠢ ᠮᠢᠨᠢ
ᠪᠦᠭ᠍ᠳᠦᠭᠡᠷ ᠣᠳᠠᠨ ᠰᠠᠪᠠᠷ ᠶᠢᠡᠨ ᠪᠠᠷᠢᠵᠤ
ᠪᠣᠷᠭᠠᠰᠤᠨ ᠭᠦᠷᠦᠮᠡᠯ ᠠᠷᠤᠭ ᠶᠢᠡᠨ ᠡᠭᠦᠷᠴᠤ
ᠪᠣᠷᠤ ᠴᠠᠮᠴᠠ ᠪᠠᠷ ᠪᠠᠶ᠎ᠠ ᠪᠠᠨ ᠴᠢᠮᠠᠵᠤ
ᠪᠣᠭᠤᠷᠤᠯ ᠭᠡᠵᠢᠭᠡᠨ ᠳᠡᠭᠡᠨ ᠠᠯᠴᠢᠭᠤᠷ ᠣᠷᠢᠶᠠᠵᠤ
ᠵᠡᠷᠭᠡᠯᠭᠡᠡᠳᠤ ᠳᠠᠯ᠎ᠠ ᠶᠢᠨ ᠶᠢᠡᠨ ᠳᠤᠮᠳᠠᠭᠤᠷ
ᠵᠡᠭᠡᠰᠦᠳᠤ ᠨᠠᠭᠤᠷ ᠤᠨ ᠶᠢᠡᠨ ᠭᠦᠪᠠᠭᠡ ᠪᠠᠷ
ᠲ᠋ᠤᠪᠣ ᠳᠤᠯᠤᠭᠠᠤᠨ ᠤᠨ ᠶᠢᠡᠨ ᠨᠦᠮᠦᠷᠢ ᠪᠠᠷ
ᠲ᠋ᠤᠷᠭᠠᠮᠰᠤᠭ ᠪᠠᠯᠴᠢᠭᠡᠷ ᠤᠨ ᠶᠢᠡᠨ ᠡᠯᠢᠭᠡ ᠪᠠᠷ
ᠠᠷᠭᠠᠯ ᠳᠡᠭᠦᠵᠤ ᠶᠠᠪᠣᠨ᠎ᠠ
ᠠᠮᠢᠳᠤᠷᠠᠯ ᠭᠡᠵᠤ ᠵᠢᠦᠡᠭᠦᠯᠡᠨᠡ᠃
ᠠᠷᠭᠠᠯᠴᠢᠨ ᠡᠵᠢ ᠮᠢᠨᠢ
ᠰᠦᠨ ᠴᠠᠭᠠᠨ ᠮᠤᠩᠭ᠋ᠤᠯ ᠭᠡᠷ ᠤᠨ ᠶᠢᠡᠨ ᠡᠮᠦᠨ᠎ᠡ
ᠰᠥᠡᠳᠡᠷᠯᠡᠭ᠍ᠰᠡᠨ ᠠᠷᠭᠠᠯ ᠤᠨ ᠣᠪᠣᠭ᠎ᠠ ᠪᠠᠢ᠌ᠷᠢᠯᠠᠭᠤᠯᠤᠨᠠ
ᠦᠷ ᠤᠨ ᠭᠡᠭᠡᠳᠤ ᠣᠭᠳᠠᠷᠭᠤᠢ ᠳᠤ
ᠦᠯᠵᠡᠢ ᠵᠠᠩᠭᠢᠶᠠᠳᠤ ᠠᠷᠭᠠᠯ ᠤᠨ ᠣᠳᠤᠭ᠎ᠠ ᠰᠤᠭᠤᠨᠠᠭᠯᠠᠭᠤᠯᠤᠨᠠ
ᠠᠩᠭᠢᠯᠤᠮᠠᠯ ᠦᠨᠦᠷᠳᠤ ᠳᠤᠯᠭᠠᠳᠤ ᠴᠠᠢ ᠪᠠᠨ
ᠠᠷᠭᠠᠯ ᠤᠨ ᠭᠠᠯ ᠳᠠᠭᠠᠨ ᠰᠢᠮᠡᠵᠢᠭᠦᠯᠦᠨ᠎ᠡ
ᠠᠷᠢᠭᠤᠨ ᠭᠤᠯᠤᠮᠳᠠᠳᠤ ᠮᠤᠩᠭ᠋ᠤᠯ ᠭᠡᠷ ᠶᠢᠡᠨ
ᠠᠷᠭᠠᠯ ᠤᠨ ᠭᠠᠯ ᠶᠢᠡᠷ ᠶᠢᠡᠨ ᠳᠤᠯᠠᠭᠠᠯᠠᠨ᠎ᠠ᠃
ᠠᠷᠭᠠᠯᠴᠢᠨ ᠡᠵᠢ ᠮᠢᠨᠢ
ᠠᠷᠭᠠᠯ ᠤᠨ ᠴᠡᠩᠭᠡᠷ ᠣᠳᠤᠭ᠎ᠠ ᠪᠠᠷ ᠶᠢᠡᠨ
ᠭᠦᠭᠡ ᠣᠭᠳᠠᠷᠭᠤᠢ ᠶᠢᠨ ᠴᠡᠭᠡᠯ ᠳᠤ
ᠭᠦᠭᠡ ᠮᠤᠩᠭ᠋ᠤᠯ ᠤᠨ ᠶᠢᠡᠨ ᠠᠮᠢᠳᠤᠷᠠᠯ ᠢ
ᠠᠮᠢᠯᠠᠭᠤᠨ ᠳᠤᠳᠤᠷᠠᠭᠤᠨ ᠵᠢᠷᠤᠭᠯᠠᠨ᠎ᠠ
ᠠᠷᠤᠭ ᠡᠭᠦᠷᠴᠤ ᠰᠠᠪᠠᠷ ᠪᠠᠷᠢᠭᠰᠠᠨ
ᠠᠵᠢᠯᠰᠠᠭ ᠪᠣᠷᠤᠭᠵᠢᠭᠤᠨ ᠮᠤᠩᠭ᠋ᠤᠯ ᠡᠵᠢ ᠶᠢᠨ ᠮᠦᠰᠤ ᠶᠢ
ᠠᠯᠠᠭ ᠬᠤᠷᠸ᠎ᠠ ᠶᠢᠨ ᠲᠦᠮᠡᠨ ᠤ ᠰᠠᠤᠠᠭᠢᠯ ᠳᠤ
ᠠᠰᠢᠳᠠ ᠶᠢᠨ ᠪᠠᠬᠠᠷᠤᠯ ᠪᠣᠯᠭᠠᠵᠤ ᠬᠠᠳᠠᠩᠰᠢᠭᠤᠯᠤᠨ᠎ᠠ᠃
ᠠᠷᠭᠠᠯᠴᠢᠨ ᠡᠵᠢ ᠮᠢᠨᠢ
ᠠᠷᠭᠠᠯ ᠶᠢᠡᠨ ᠳᠡᠭᠦᠵᠤ ᠯᠠ ᠪᠠᠢ᠌ᠬᠤ ᠣᠴᠢᠷ ᠡᠴᠡ
ᠠᠭᠤᠤ ᠮᠤᠩᠭ᠋ᠤᠯ ᠤᠨ ᠮᠢᠨᠢ ᠭᠠᠯ ᠭᠤᠯᠤᠮᠳᠠ ᠳᠦᠷᠠᠯᠵᠢᠵᠤ ᠯᠠ ᠪᠠᠢ᠌ᠨ᠎ᠠ
ᠮᠤᠩᠭ᠋ᠤᠯ ᠠᠮᠢᠳᠤᠷᠠᠯ ᠤᠨ ᠠᠯᠤᠰ ᠢᠷᠡᠭᠡᠳᠦᠢ ᠳᠤ
ᠮᠥᠩᠭᠡ ᠶᠢᠨ ᠴᠠᠮᠬᠠᠭ ᠪᠣᠯᠵᠤ ᠳᠤᠯᠠᠯᠵᠠᠵᠤ ᠯᠠ ᠪᠠᠢ᠌ᠨ᠎ᠠ᠃
2006 ᠣᠨ ᠤ 4 ᠰᠠᠷ᠎ᠠ ᠶᠢᠨ 3 ᠊ᠨ᠎ᠠ
ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠡᠢ᠌ᠭᠡᠮ ᠵᠦᠢ ᠵᠠᠩ ᠣᠢ᠌ᠯᠠ ᠵᠦᠢ᠌ ᠶᠢᠨ ᠰᠠᠯᠪᠣᠷᠢ 2003 ᠣᠨ ᠤ ᠠᠩᠭᠢ᠂ ᠨᠠᠷᠠᠰᠤ
ᠵᠤᠭᠢᠶᠠᠭᠴᠢ ᠶᠢᠨ ᠬᠤᠪᠢ ᠶᠢᠨ ᠳᠠᠨᠢᠯᠴᠠᠭᠤᠯᠭ᠎ᠠ᠄ ᠪᠢ ᠭᠤᠤ ᠵᠢᠨ ᠰᠦᠩ ᠭᠡᠳᠡᠭ᠌᠃ ᠰᠢᠯᠦᠭ᠌ ᠵᠤᠬᠢᠶᠠᠯ ᠳᠠᠭᠠᠨ ᠨᠠᠷᠠᠰᠤ ᠭᠡᠭᠦ ᠪᠢᠷ ᠤᠨ ᠨᠠᠷᠠ ᠪᠠᠷ ᠶᠠᠪᠣᠵᠤ ᠪᠠᠢ᠌ᠨ᠎ᠠ᠃ ᠣᠭ ᠤᠨ ᠨᠤᠳᠤᠭ ᠨᠢ᠋ᠮᠠᠨ ᠬᠤᠰᠢᠭᠤ᠃ 94 ᠣᠨ ᠤ ᠦᠶᠡᠷ ᠣᠰᠤᠳᠤᠯ ᠡᠴᠡ ᠪᠣᠯᠵᠤ ᠲᠦᠩᠯᠢᠶᠤᠤ ᠬᠤᠳᠠ ᠶᠢᠨ ᠬᠤᠷᠴᠢᠨ ᠳᠤᠭᠤᠷᠢᠭ ᠤᠨ ᠳᠠᠯᠠᠩ ᠪᠠᠯᠭᠠᠰᠤᠨ ᠳᠤ ᠨᠡᠭᠦᠨ ᠢᠷᠡᠭ᠍ᠰᠡᠨ ᠶᠤᠮ᠃ ᠣᠳᠤ ᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠡᠢ᠌ᠭᠡᠮ ᠵᠦᠢ ᠵᠠᠩ ᠣᠢ᠌ᠯᠠ ᠶᠢᠨ ᠳᠡᠭᠡᠳᠤ ᠰᠤᠷᠭᠠᠭᠤᠯᠢ ᠶᠢᠨ ᠨᠡᠢ᠌ᠭᠡᠮ ᠵᠦᠢ᠌ ᠶᠢᠨ ᠳᠤᠰᠬᠠᠢ ᠮᠡᠷᠭᠡᠵᠢᠯ ᠤᠨ ᠳᠦᠷᠪᠠᠳᠦᠭᠡᠷ ᠣᠨ ᠤ ᠣᠶᠤᠳᠠᠨ ᠴᠤᠯᠠ ᠲᠡᠶ ᠪᠠᠢ᠌ᠭ᠎ᠠ᠃ ᠬᠤᠷᠸ᠎ᠠ ᠳᠤ ᠭᠠᠭᠴᠠ ᠡᠵᠢ ᠶᠢᠨ ᠶᠢᠡᠨ ᠬᠠᠯᠠᠭᠤᠨ ᠡᠯᠢᠭᠡᠨ ᠡᠴᠡ ᠬᠤᠷᠴᠢᠨ ᠨᠤᠳᠤᠭ ᠤᠨ ᠭᠦᠷᠦᠰᠤᠨ ᠳᠤ ᠣᠨᠠᠬᠤ ᠡᠴᠡ ᠠᠪᠣᠭᠠᠤᠨ ᠬᠤᠷᠠᠭ᠎ᠠ ᠳᠤᠭᠤᠯ ᠤᠨ ᠮᠠᠢ᠌ᠯᠠᠯ ᠮᠥᠭᠡᠷᠡᠯ ᠳᠤ ᠳᠤᠷᠨᠢᠨ᠂ ᠭᠦᠳᠦᠰᠤᠨ ᠳᠠᠪᠠᠯ ᠲᠡᠶ ᠭᠦᠯᠦᠭ᠌ ᠤᠨ ᠨᠢᠷᠤᠭᠤᠨ ᠳᠤ ᠭᠦᠯᠦᠷᠡᠵᠤ ᠶᠠᠪᠣᠭᠰᠠᠨ ᠡᠴᠡ ᠪᠠᠨ ᠴᠢᠩᠭᠢᠰ ᠪᠣᠭᠳᠠ ᠶᠢᠨ ᠰᠠᠭᠢᠶ᠎ᠠ ᠲᠡᠶ᠂ ᠴᠡᠩᠭᠡᠷ ᠳᠡᠭ᠍ᠷᠢ ᠶᠢᠨ ᠮᠠᠨᠠᠭ᠎ᠠ ᠲᠡᠶ᠂ ᠮᠢᠩᠭ᠋ᠠᠨ ᠣᠨ ᠤ ᠴᠤᠤᠷᠢᠶ᠎ᠠ ᠲᠡᠶ᠂ ᠢᠷᠠᠭᠤ ᠰᠠᠢ᠌ᠬᠠᠨ ᠮᠤᠩᠭ᠋ᠤᠯ ᠰᠤᠶᠤᠯ ᠳᠠᠭᠠᠨ ᠭᠦᠷᠦᠪᠵᠢᠨ᠂ ᠵᠢᠯᠦᠭᠤ ᠰᠤᠩᠭ᠋ᠠᠵᠤ ᠢᠷᠠᠯ᠎ᠠ᠃ ᠮᠤᠩᠭ᠋ᠤᠯ ᠰᠤᠶᠤᠯ ᠳᠠᠭᠠᠨ ᠡᠯᠢᠭᠡ ᠵᠢᠷᠦᠭᠡ ᠳᠠᠳᠠᠯᠳᠤᠬᠤ ᠳᠠᠭᠠᠨ ᠮᠤᠩᠭ᠋ᠤᠯ ᠰᠤᠶᠤᠯ ᠤᠨ ᠮᠢᠨᠢ ᠳᠤᠩ ᠣᠯᠠᠨ ᠵᠣᠢ᠌ᠯᠠᠰ ᠪᠠᠯᠠᠷᠬᠠᠢ᠌ᠳᠤᠵᠤ ᠪᠠᠢ᠌ᠬᠤ ᠪᠣᠶᠤ ᠮᠠᠷᠳᠠᠭᠳᠠᠨ ᠪᠠᠢ᠌ᠭ᠎ᠠ ᠭᠡᠴᠡᠭᠦᠭᠡᠨ ᠪᠠᠢ᠌ᠳᠠᠯ ᠳᠤ ᠦᠨᠳᠦᠰᠦᠳᠠᠨ ᠳᠡᠭᠡᠨ ᠬᠠᠷᠢᠭᠤᠴᠠᠬᠤ ᠣᠪᠣᠷ ᠡᠴᠡ ᠨᠡᠢ᠌ᠭᠡᠮ ᠵᠦᠢ ᠵᠠᠩ ᠣᠢ᠌ᠯᠠ ᠵᠦᠢ᠌ ᠶᠢᠨ ᠳᠤᠰᠬᠠᠢ ᠮᠡᠷᠭᠡᠵᠢᠯ ᠢ ᠰᠤᠷᠤᠯᠴᠠᠵᠤ ᠪᠠᠢ᠌ᠭ᠎ᠠ᠃ ᠲ᠋ᠠᠭᠠᠤ ᠳ᠋ᠤᠨᠢ ᠦᠪᠡᠷ ᠤᠨ ᠳᠤᠷ᠎ᠠ ᠲᠡᠶ ᠪᠠᠬ᠎ᠠ ᠲᠡᠶ ᠭᠡᠭᠦ ᠵᠢᠷᠦᠭᠡᠨ ᠳᠤᠯᠳᠤ ᠶᠢᠨ ᠳᠤᠭᠳᠤᠯᠤᠯ ᠡᠴᠡ ᠪᠠᠨ ᠮᠤᠩᠭ᠋ᠤᠯ ᠰᠢᠯᠦᠭ᠌ ᠵᠤᠬᠢᠶᠠᠯ ᠶᠢᠡᠨ ᠣᠷᠤᠯᠳᠤᠵᠤ᠂ ᠣᠪᠣᠭᠠᠨ ᠳᠠᠭᠠᠨ ᠨᠢᠭᠡ ᠭᠡᠰᠡᠭ᠌ ᠴᠤ ᠭᠡᠰᠡᠨ ᠴᠢᠯᠠᠭᠤ ᠨᠠᠮᠠᠵᠤ᠂ ᠮᠤᠩᠭ᠋ᠤᠯ ᠰᠢᠯᠦᠭ᠌ ᠶᠢᠡᠷ ᠶᠢᠡᠨ ᠮᠤᠩᠭ᠋ᠤᠯ ᠤᠨ ᠲᠦᠮᠡᠨ ᠤ ᠪᠠᠨ ᠠᠮᠢᠳᠤᠷᠠᠯ ᠤᠨ ᠳᠡᠦᠭᠡ᠂ ᠤᠳᠤ᠂ ᠢᠷᠡᠭᠡᠳᠦᠢ ᠶᠢ ᠳᠤᠰᠬᠠᠵᠤ ᠳᠤᠯᠢᠳᠠᠭᠤᠯᠤᠶᠠ ᠰᠠᠨᠠᠭᠰᠠᠨ᠃ ᠲ᠋ᠡᠦᠭᠡ ᠶᠢᠨ ᠭᠢᠯᠠᠷᠠᠯ ᠳᠠᠭᠠᠨ ᠭᠦᠭ᠍ᠰᠡᠨ ᠤᠮᠤᠭᠰᠢᠵᠤ᠂ ᠭᠦᠴᠦᠯᠡᠨ ᠣᠷᠤᠭᠰᠢᠯᠠᠬᠤ ᠪᠠᠨ ᠣᠮᠠᠷᠳᠠᠬᠤ ᠵᠢᠴᠢ ᠰᠤᠶᠤᠯ ᠤᠨ ᠨᠠᠪᠴᠢᠯᠳᠤᠯ ᠤᠨ ᠬᠤᠷᠴᠠ ᠰᠢᠷᠦᠭᠦᠨ ᠪᠠᠢ᠌ᠳᠠᠯ ᠳᠤ ᠮᠤᠩᠭ᠋ᠤᠯ ᠰᠤᠶᠤᠯ ᠮᠢᠨᠢ ᠭᠡᠷᠡᠭ᠌ ᠦᠭᠡᠶ ᠪᠣᠯᠵᠠᠢ ᠭᠡᠭᠦ ᠭᠤᠨᠢᠭᠯᠠᠨ ᠰᠠᠭᠤᠬᠤ ᠪᠣᠳᠤᠯ ᠰᠡᠳᠬᠢᠯᠭᠡ ᠶᠢ ᠳᠠᠪᠴᠢᠨ᠂ ᠮᠤᠩᠭ᠋ᠤᠯ ᠭᠦᠮᠤᠨ ᠪᠦᠭᠦᠨ ᠮᠤᠩᠭ᠋ᠤᠯ ᠰᠡᠳᠭᠢᠭᠦᠢ ᠪᠠᠷ ᠶᠢᠡᠨ᠂ ᠮᠤᠬᠤᠰᠢ ᠦᠭᠡᠶ ᠵᠤᠷᠢᠭ ᠪᠠᠷ ᠶᠢᠡᠨ᠂ ᠴᠠᠴᠠᠨ ᠣᠬᠠᠭᠠᠨ ᠶᠢᠡᠷ ᠶᠢᠡᠨ ᠦᠪᠡᠷ ᠤᠨ ᠶᠢᠡᠨ ᠠᠮᠢᠳᠤᠷᠠᠯ ᠶᠢᠡᠨ ᠴᠤᠭᠴᠠᠯᠠᠪᠠᠯ ᠵᠣᠢ᠌ᠳᠠᠢ ᠭᠡᠭᠦ ᠰᠠᠨᠠᠭ᠎ᠠ ᠶᠢ ᠣᠬᠠᠭᠤᠯᠬᠤ ᠭᠡᠰᠡᠨ᠃
ᠡᠢ᠌ᠮᠤ ᠳᠡᠭᠡᠨ ᠡᠷᠭᠢᠮ ᠳᠠᠨ ᠤ ᠳᠤᠤᠷ ᠰᠦᠯᠵᠢᠶ᠎ᠠ ᠳᠤ ᠳᠦᠰᠢᠭᠯᠡᠨ ᠦᠪᠡᠷ ᠤᠨ ᠶᠢᠡᠨ ᠰᠢᠯᠦᠭ᠌ ᠢ ᠲᠦᠮᠡᠨ ᠳᠡᠭᠡᠨ ᠰᠤᠨᠢᠷᠬᠠᠭᠤᠯᠤᠶ᠎ᠠ ᠰᠠᠨᠠᠭᠰᠠᠨ᠃ ᠲ᠋ᠠᠨ ᠤ ᠳᠤᠤᠷ ᠰᠦᠯᠵᠢᠶᠠᠨ ᠤ ᠣᠢ᠌ᠯᠠᠰ ᠳᠤᠩ ᠰᠠᠢ᠌ᠨ ᠪᠠᠢ᠌ᠨ᠎ᠠ᠃ ᠮᠤᠩᠭ᠋ᠤᠯ ᠵᠠᠩ ᠣᠢ᠌ᠯᠠ᠂ ᠮᠤᠩᠭ᠋ᠤᠯ ᠣᠤᠠᠬ᠎ᠠ ᠵᠤᠬᠢᠶᠠᠯ ᠣᠯᠠᠨ ᠣᠯᠠᠨ ᠠᠭᠤᠯᠭ᠎ᠠ ᠨᠤᠭᠤᠳ ᠪᠢᠳᠠ ᠣᠯᠠᠨ ᠤ ᠬᠠᠷᠠᠭ᠎ᠠ ᠶᠢ ᠦᠷᠭᠡᠳᠭᠡᠵᠤ᠂ ᠰᠡᠳᠬᠢᠯ ᠢ ᠪᠠᠶᠠᠰᠬᠠᠨ᠂ ᠣᠢ ᠶᠢ ᠨᠡᠮᠡᠭ᠍ᠳᠡᠭᠦᠯᠤᠨ᠂ ᠤᠮᠠᠷᠳᠠᠭᠰᠠᠨ ᠢ ᠮᠡᠳᠡᠭᠦᠯᠵᠤ᠂ ᠳᠦᠭᠡᠷᠢᠭ᠍ᠳᠡᠭ᠍ᠰᠡᠨ ᠢ ᠭᠡᠭᠡᠷᠡᠭᠦᠯᠤᠨ ᠪᠠᠢ᠌ᠨ᠎ᠠ᠃
ᠳᠠᠨ ᠤ ᠣᠢ᠌ᠯᠠᠰ ᠮᠥᠩᠭᠡ ᠶᠢᠨ ᠭᠢᠯᠪᠠᠭ᠎ᠠ ᠰᠡᠴᠦᠷᠡᠵᠤ᠂ ᠮᠥᠩᠭᠡ ᠭᠦᠭᠡ ᠳᠡᠭ᠍ᠷᠢ ᠶᠢᠨ ᠠᠷᠢᠭᠤᠨ ᠪᠣᠶᠠᠨ ᠳᠤ ᠰᠢᠳᠦᠭ᠍ᠳᠤᠨ ᠮᠤᠩᠭ᠋ᠤᠯ ᠰᠤᠶᠤᠯ ᠤᠨ ᠶᠢᠡᠨ ᠭᠡᠭᠡᠪᠴᠢ ᠪᠣᠯᠳᠤᠭᠠᠢ ᠭᠡᠮᠡᠨ ᠵᠦᠩᠨᠠᠶ᠎ᠠ︕
ᠨᠠᠷᠠᠰᠤ ᠡᠴᠡ
2006.12.16
ᠵᠤᠬᠢᠶᠠᠭᠴᠢ᠄ ᠨᠠᠷᠠᠰᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 4626
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ