ᠨᠡᠪᠲᠡᠷᠡᠨ ᠤᠷᠤᠬᠤ
ᠬᠤᠷᠸ᠎ᠠ ᠮᠥᠩᠭᠡᠵᠢᠳᠡᠭ ᠪᠢᠯᠠ

1

ᠵᠠᠯᠠᠭᠤ ᠭᠦᠮᠤᠨ ᠣᠯᠠᠨ ᠶᠠᠭᠤᠮ ᠥᠵᠡᠭᠡᠳ ᠳᠤᠮᠤᠭᠠᠵᠢᠨ᠎ᠠ ᠭᠡᠳᠡᠭ᠌ ᠦᠨᠡᠨ ᠪᠠᠢ᠌ᠯ᠎ᠠ︕

ᠰᠦᠨᠢ ᠨᠠᠮ ᠭᠦᠮ ᠪᠣᠯᠵᠤ ᠪᠠᠢ᠌ᠷᠢ ᠶᠢᠨ ᠨᠥᠭᠦᠤᠨ ᠨᠡᠷ ᠨᠣᠢ᠌ᠷ ᠲᠠᠭᠠᠨ ᠣᠷᠤᠴᠢᠬᠠᠭᠰᠠᠨ ᠦᠶ᠎ᠡ ᠪᠢ ᠣᠯᠠᠨ ᠴᠤ ᠶᠠᠭᠤᠮ᠎ᠠ ᠡᠷᠭᠢᠴᠡᠭᠦᠯᠤᠨ ᠪᠣᠳᠤᠳᠠᠭ᠃ ᠭᠦᠡᠳᠤ ᠪᠣᠭᠴᠤ ᠪᠠᠨ ᠡᠭᠦᠷᠤᠭᠡᠳ ᠭᠢᠴᠢᠶᠠᠯ ᠤᠨ ᠭᠡᠷ᠂ ᠬᠤᠭᠤᠯᠠ ᠶᠢᠨ ᠭᠡᠷ᠂ ᠪᠠᠢ᠌ᠷᠢ ᠶᠢᠨ ᠭᠡᠷ ᠤᠨ ᠬᠤᠭᠤᠷᠤᠠᠳᠤ ᠨᠠᠭᠠᠷᠤ ᠴᠠᠭᠠᠷᠤ ᠭᠦᠶ‍ᠦᠵᠤ ᠶᠠᠪᠣᠬᠤ ᠳᠠᠭᠠᠨ ᠬᠤᠷᠸ᠎ᠠ ᠭᠡᠵᠤ ᠡᠢ᠌ᠮᠤ ᠯᠠ ᠭᠤᠷᠪᠠᠨ ᠴᠡᠭ᠌ ᠨᠢᠭᠡᠨ ᠱᠤᠭᠤᠮ ᠮᠠᠳᠤ ᠢᠪᠴᠤᠤᠷᠠᠨ ᠳᠠᠷᠢᠭᠢ ᠳᠤ ᠡᠯᠦᠢ ᠬᠤᠯᠤᠢ ᠦᠭᠡᠶ ᠶᠠᠭᠤᠮ᠎ᠠ ᠳᠦᠷᠦᠭ᠍ᠳᠡᠳᠡᠭ᠌᠃ ᠳᠡᠭᠡᠭᠡᠳ ᠵᠠᠷᠢᠮ ᠦᠶ᠎ᠡ ᠪᠣᠳᠤᠯ ᠤᠨ ᠥᠵᠦᠭᠦᠷ ᠲᠤ ᠳᠤᠮᠳᠠᠳᠤ ᠰᠤᠷᠭᠠᠭᠤᠯᠢ ᠶᠢᠨ ᠦᠶ᠎ᠡ ᠶᠢᠨ ᠠᠮᠢᠳᠤᠷᠠᠯ ᠳᠤᠳᠤᠷᠠᠨ ᠣᠷᠤᠵᠤ ᠢᠷᠡᠳᠡᠭ᠌ ᠪᠢᠯᠠ᠃

2

ᠭᠦᠮᠤᠨ ᠤ ᠨᠢᠭᠡ ᠨᠠᠰᠤᠨ ᠳᠤ ᠳᠤᠮᠳᠠᠳᠤ ᠰᠤᠷᠭᠠᠭᠤᠯᠢ ᠶᠢᠨ ᠦᠶᠡᠰ ᠳᠤᠷᠠᠳᠬᠠᠯ ᠶᠢᠡᠷ ᠣᠯᠠᠨ ᠴᠤ ᠭᠡᠮᠡᠷ ᠴᠠᠭ᠃ ᠨᠢᠭᠡ ᠪᠠᠭᠰᠢ ᠶᠢᠨ ᠭᠢᠴᠢᠶᠠᠯ ᠢ ᠬᠠᠮᠳᠤ ᠰᠤᠨᠤᠰᠴᠤ ᠨᠢᠭᠡ ᠰᠢᠷᠡᠭᠡ ᠳᠤ ᠬᠠᠮᠳᠤ ᠰᠠᠭᠤᠵᠤ ᠨᠢᠭᠡ ᠳᠤᠭᠤᠭᠠᠨ ᠡᠴᠠ ᠬᠠᠮᠳᠤ ᠬᠤᠭᠤᠯᠠ ᠢᠳᠠᠵᠤ ᠪᠠᠢ᠌ᠭᠰᠠᠨ ᠳᠡᠷᠡᠭᠦ 〈ᠳᠠᠩᠨᠠᠢ ᠶᠢᠨ ᠭᠤᠷᠪᠠᠨ ᠰᠤᠳᠠᠰᠤᠨ〉 ᠊ᠤ ᠠᠮᠢᠳᠤᠷᠠᠯ ᠢ ᠥᠩᠭᠡᠷᠡᠭᠦᠯᠵᠤ ᠶᠠᠪᠣᠬᠤ ᠳᠠᠭᠠᠨ ᠠᠷᠪᠠᠨ ᠵᠢᠯ ᠤᠨ ᠬᠠᠪᠣᠷ ᠨᠠᠮᠤᠷ ᠢ ᠳᠠᠢ᠌ᠮᠤ ᠯᠠ ᠳᠦᠷᠭᠡᠨ ᠥᠩᠭᠡᠷᠡᠨ᠎ᠡ ᠭᠡᠵᠤ ᠭᠡᠨ ᠰᠠᠨᠠᠵᠤ ᠪᠢᠯᠠ᠃ ᠣᠷᠴᠢᠯᠠᠩ ᠤᠨ ᠨᠠᠷᠠᠨ ᠰᠠᠷᠠ ᠣᠳᠤᠨ ᠲᠡᠶ ᠪᠠᠨ ᠨᠠᠳᠠ ᠡᠴᠠ ᠬᠤᠯᠵᠢᠭᠰᠠᠨ ᠰᠢᠭ ᠳᠠᠩᠴᠢ ᠰᠤᠨᠢᠨ ᠰᠠᠨᠠᠭᠳᠠᠳᠠᠭ᠃

ᠳᠠᠷᠠ ᠦᠶ᠎ᠡ ᠪᠢ ᠴᠢᠮᠢ᠋ᠢ ᠶᠡᠭᠡ ᠪᠢᠰᠢᠷᠡᠳᠡᠭ᠌ ᠪᠠᠢ᠌ᠭᠰᠠᠨ᠂ ᠴᠢᠨᠤ ᠳᠠᠩᠳᠠ ᠶᠠᠷᠢᠭᠠᠤᠨ ᠪᠠᠢ᠌ᠳᠠᠭ ᠮᠤᠩᠭ᠋ᠤᠯ ᠤᠨ ᠳᠡᠦᠭᠡ ᠶᠢ ᠰᠤᠨᠤᠰᠴᠤ ᠰᠠᠭᠤᠬᠤ ᠨᠠᠳᠠ ᠳᠤ ᠨᠢᠭᠡ ᠶᠡᠭᠡ ᠰᠡᠭᠡᠭᠡᠷᠡᠯ ᠣᠯᠤᠯᠳᠠ ᠪᠠᠢ᠌ᠵᠠᠢ᠃ ᠨᠤᠮ ᠤᠨ ᠬᠤᠷᠤᠬᠠᠢ ᠭᠡᠵᠤ ᠴᠢᠮᠢ᠋ᠢ ᠭᠡᠯᠡᠵᠤ ᠪᠣᠯᠤᠨ᠎ᠠ ᠳ᠋ᠠ᠃ ᠪᠢ ᠴᠢᠨᠤ ᠳᠠᠢ᠌ᠸᠠᠨ ᠤ ᠡᠮᠡᠭ᠍ᠳᠡᠢ ᠵᠤᠬᠢᠶᠠᠯᠴᠢ ᠴᠢᠶᠦᠩ ᠶᠤᠤ ᠶᠢᠨ ᠵᠤᠬᠢᠶᠠᠯ ᠢ ᠣᠯᠠᠨ ᠣᠩᠰᠢᠳᠠᠭ ᠢ ᠠᠩᠬᠠᠷᠳᠠᠭ ᠪᠠᠢ᠌ᠭᠰᠠᠨ᠃ ᠴᠢ ᠨᠠᠳᠠᠳᠤ ᠵᠢᠭᠡᠯᠡᠵᠤ ᠥᠵᠡᠭᠦᠯᠦᠭ᠍ᠰᠡᠨ ᠴᠢᠶᠤᠩ ᠶᠤᠤ ᠶᠢᠨ 〈ᠨᠠᠮᠤᠷ ᠤᠨ ᠳᠠᠭᠤᠯᠠᠯ〉 ᠭᠡᠳᠡᠭ᠌ ᠨᠤᠮ ᠶᠢᠡᠨ ᠮᠠᠷᠳᠠᠭ᠎ᠠ ᠦᠭᠡᠶ ᠪᠢᠵᠠ᠃ ᠦᠨᠡᠨ ᠶᠢᠡᠨ ᠭᠡᠯᠡᠪᠠᠯ ᠳᠠᠷᠠ ᠨᠤᠮ ᠢ ᠴᠢᠨᠢ ᠪᠢ ᠭᠦᠢᠴᠡᠳ ᠥᠵᠡᠭ᠍ᠰᠡᠨ ᠦᠭᠡᠶ ᠰᠤᠷᠤᠯᠭ᠎ᠠ ᠳᠤ ᠨᠥᠯᠦᠭᠡ ᠪᠣᠯᠬᠤ ᠪᠣᠯᠪᠠᠤ ᠭᠡᠵᠤ ᠭᠡᠰᠡᠭ᠌ ᠬᠠᠳᠠᠭᠠᠯᠠᠵᠤ ᠪᠠᠢ᠌ᠭᠠᠤᠨ ᠰᠡᠭᠦᠯᠡᠷ ᠪᠣᠴᠠᠭᠠᠭᠰᠠᠨ ᠶᠤᠮ᠃ ᠠᠭᠤᠴᠢᠯᠠᠭᠠᠷᠠᠢ︕

ᠪᠢ ᠳᠠᠷᠠ ᠣᠷᠤᠢ ᠭᠢᠴᠢᠶᠠᠯ ᠶᠢᠡᠨ ᠳᠠᠪᠳᠠᠵᠤ ᠪᠠᠷᠠᠭᠠᠤᠨ ᠰᠤᠯᠠ ᠠᠯᠬᠤᠯᠵᠤ ᠶᠠᠪᠣᠭᠠᠤᠨ ᠴᠢᠨᠢ ᠳᠡᠷᠭᠡᠳᠡ ᠭᠦᠷᠦᠭ᠍ᠰᠡᠨ ᠰᠢᠤ᠂ ᠳᠡᠭᠡᠭᠡᠳ ᠴᠤ ᠪᠢᠳᠠ ᠬᠤᠶᠠᠭᠤᠯᠠ ᠶᠡᠭᠡ ᠰᠠᠢ᠌ᠬᠠᠨ ᠵᠤᠭᠤᠭ ᠳᠠᠭᠠᠷᠠᠵᠤ ᠪᠢᠯᠠ᠃

᠊᠊᠊᠊᠊᠊᠊᠊᠊᠊᠊᠊᠊᠊᠊ ᠬᠣᠢ᠌ᠰᠢᠳᠠ ᠶᠢᠨ ᠭᠦᠰᠡᠯ ᠴᠢᠨᠢ ᠶᠠᠮᠠᠷ ᠰᠢᠤ ᠪᠣᠯ ᠡ︖

᠊᠊᠊᠊᠊᠊᠊᠊᠊᠊᠊᠊᠊᠊᠊ ᠳᠠᠮᠠᠢ ᠴᠤ ᠵᠣᠢ᠌ᠯ ᠪᠠᠢ᠌ᠭ᠎ᠠ ᠦᠭᠡᠶ᠂ ᠭᠡᠪᠠᠴᠤ ᠳᠡᠭ᠍ᠷᠢ ᠠᠭᠤᠯᠠ ᠶᠢᠨ ᠶᠢᠡᠨ ᠨᠠᠷᠠ ᠶᠢ ᠳᠦᠭᠦᠷᠢᠭᠯᠡᠨ ᠵᠢᠷᠤᠬᠤ ᠰᠠᠨᠠᠭ᠎ᠠ ᠪᠠᠢ᠌ᠨ ᠪᠠᠢ᠌ᠨ ᠣᠷᠤᠭᠠᠤᠨ ᠪᠠᠢ᠌ᠨ᠎ᠠ᠃

᠊᠊᠊᠊᠊᠊᠊᠊᠊᠊᠊᠊᠊᠊᠊ ᠭᠦᠮᠤᠨ ᠤ ᠠᠮᠢᠳᠤᠷᠠᠬᠤ ᠵᠤᠷᠢᠯᠭ᠎ᠠ ᠶᠠᠭᠤᠨ ᠤ ᠲᠦᠯᠦᠭᠡ ᠪᠣᠯᠬᠤ ᠶᠢ ᠪᠠᠭ᠎ᠠ ᠶᠠᠷᠢᠭᠠᠴᠢ︖

᠊᠊᠊᠊᠊᠊᠊᠊᠊᠊᠊᠊᠊᠊᠊ ᠡᠭᠦᠨ ᠢ ᠶᠠᠭᠠᠭᠢᠵᠤ ᠭᠡᠯᠡᠪᠠᠯ ᠳᠠᠭᠠᠷᠠᠨ᠎ᠠ ᠪᠣᠢ︖ ᠭᠦᠮᠤᠨ ᠭᠦᠮᠤᠨ ᠤ ᠵᠤᠷᠢᠯᠭ᠎ᠠ ᠨᠢ ᠠᠳᠠᠯᠢ ᠦᠭᠡᠶ ᠪᠠᠢ᠌ᠳᠠᠭ᠂ ᠪᠢ ᠡᠨᠡ ᠨᠠᠰᠤᠨ ᠳᠠᠭᠠᠨ ᠠᠮᠢ ᠨᠠᠰᠤᠨ ᠤ ᠮᠢᠨᠢ ᠨᠠᠳᠠ ᠨᠠᠢ᠌ᠳᠠᠭᠰᠠᠨ ᠭᠦᠰᠡᠯ ᠢ ᠭᠦᠰᠡᠷᠳᠡᠭᠦᠯᠦᠯ ᠦᠭᠡᠶ ᠪᠠᠢ᠌ᠶ᠎ᠠ ᠭᠡᠵᠤ ᠰᠠᠨᠠᠬᠤ ᠨᠢ ᠳᠠᠷᠠ ᠁

᠊᠊᠊᠊᠊᠊᠊᠊᠊᠊᠊᠊᠊᠊᠊ ᠮᠤᠩᠭ᠋ᠤᠯ ᠤᠨ ᠳᠡᠦᠭᠡ ᠳᠤ ᠴᠢ ᠶᠠᠭᠠᠭᠢᠭᠠᠤᠨ ᠳᠠᠢ᠌ᠮᠤ ᠳᠤᠷᠠᠳᠠᠢ ᠪᠠᠢ᠌ᠳᠠᠭ ᠪᠣᠢ︖

᠊᠊᠊᠊᠊᠊᠊᠊᠊᠊᠊᠊᠊᠊᠊ ᠣᠤᠭᠤᠭᠰᠠᠨ ᠣᠰᠤ ᠣᠨᠠᠭᠰᠠᠨ ᠰᠢᠷᠤᠢ᠂ ᠳᠡᠦᠭᠡ ᠳᠤᠮᠤᠭ ᠡᠨᠡ ᠪᠦᠭᠦᠨ ᠢ ᠪᠣᠳᠤᠬᠤ ᠪᠦᠷᠢ ᠨᠠᠳᠠ ᠣᠯᠠᠨ ᠣᠯᠠᠨ ᠪᠣᠳᠤᠯ ᠣᠷᠤᠳᠠᠭ᠂ ᠳᠡᠭᠡᠭᠡᠳ ᠯᠠ ᠰᠡᠳᠭᠢᠯ ᠳᠤᠭᠳᠤᠯᠠᠨ ᠵᠤᠷᠢᠭ ᠡᠷᠴᠢᠯᠡᠭ᠍ᠳᠡᠵᠤ ᠭᠦᠰᠡᠯ ᠤᠨ ᠣᠷᠭᠢᠯ ᠳᠠᠭᠠᠨ ᠭᠡᠢ᠌ᠮᠦᠷᠢ ᠪᠣᠰᠬᠠᠨ ᠭᠦᠴᠦᠯᠡᠨ ᠳᠡᠮᠤᠯᠡᠭᠦ ᠪᠠᠷ ᠵᠤᠷᠢᠳᠠᠭ ᠰᠠᠨ᠃

3

ᠡᠳᠦᠷ ᠰᠠᠷ᠎ᠠ ᠶᠢᠨ ᠥᠩᠭᠡᠷᠡᠭᠦ ᠥᠨᠡᠭᠡᠷ ᠬᠠᠷᠪᠣᠭᠰᠠᠨ ᠰᠤᠮᠤ ᠮᠠᠳᠤ ᠳᠦᠷᠭᠡᠨ ᠡ᠂ ᠨᠢᠭᠡ ᠮᠡᠳᠡᠭᠦ ᠳᠤ ᠪᠢᠳᠠ ᠳᠤᠮᠳᠠᠳᠤ ᠰᠤᠷᠭᠠᠭᠤᠯᠢ ᠪᠠᠨ ᠳᠡᠭᠦᠰᠭᠡᠴᠢᠭᠡᠯ᠎ᠡ᠃ ᠭᠡᠳᠤ ᠭᠡᠳᠤᠨ ᠵᠢᠯ ᠤᠨ ᠬᠠᠢ᠌ᠷᠠᠯᠠᠯᠳᠠᠢ ᠠᠮᠢᠳᠤᠷᠠᠯ ᠰᠤᠷᠤᠯᠭ᠎ᠠ ᠶᠢᠨ ᠬᠠᠳᠠᠭᠤ ᠶᠢ ᠬᠠᠮᠳᠤ ᠳᠠᠭᠠᠨ ᠳᠤᠭᠤᠯᠵᠤ ᠢᠷᠡᠭ᠍ᠰᠡᠨ ᠪᠢᠳᠠ ᠦᠨᠦᠳᠤᠷ ᠤᠨ ᠡᠨᠡᠭᠦ ᠰᠠᠯᠬᠤ ᠶᠢᠨ ᠥᠵᠦᠭᠦᠷ ᠰᠡᠳᠭᠢᠯ ᠶᠠᠭᠤᠳᠠᠢ ᠣᠶᠠᠷᠠᠨ᠎ᠠ ᠪᠢᠯᠠ᠃ ᠪᠢ ᠴᠢᠨᠤ ᠪᠡᠯᠡᠳᠭᠡᠯ ᠰᠢᠯᠭᠠᠯᠳᠠ ᠡᠴᠠ ᠶᠠᠭᠠᠭᠢᠭᠠᠤᠨ ᠬᠤᠴᠤᠷᠠᠭᠰᠠᠨ ᠢ ᠮᠠᠳᠠᠵᠤ ᠴᠢᠳᠠᠭᠰᠠᠨ ᠦᠭᠡᠶ᠂ ᠴᠢᠮ᠎ᠠ ᠰᠢᠭ ᠰᠤᠷᠤᠯᠭ᠎ᠠ ᠣᠠᠴᠠ ᠰᠤᠷᠤᠭᠴᠢ ᠰᠢᠯᠭᠠᠵᠤ ᠣᠷᠤᠭᠰᠠᠨ ᠦᠭᠡᠶ ᠳᠤ ᠪᠢ ᠶᠡᠭᠡ ᠠᠯᠠᠩᠳᠠᠷᠠᠭᠰᠠᠨ᠃ ᠬᠤᠷᠸ᠎ᠠ ᠭᠡᠭ᠍ᠴᠢ ᠲᠡᠩᠴᠡᠬᠦᠷᠢ ᠦᠭᠡᠶ ᠵᠢᠩ ᠭᠡᠳᠡᠭ᠌ ᠥᠨᠡᠭᠡᠷ ᠪᠠᠢ᠌ᠨ᠎ᠠ ᠳ᠋ᠠ᠃ ᠰᠤᠷᠭᠠᠭᠤᠯᠢ ᠳᠡᠭᠦᠰᠭᠡᠭᠦ ᠥᠳᠡᠰᠢᠯᠭᠡ ᠳᠤ ᠴᠢᠨᠤ ᠨᠢᠯᠪᠣᠰᠤ ᠪᠦᠮᠪᠦᠷᠢᠭᠦᠯᠤᠨ ᠳᠠᠭᠤᠯᠤᠭᠰᠠᠨ 〈ᠰᠤᠷᠤᠭᠴᠢ ᠶᠢᠨ ᠳᠠᠭᠤᠯᠠᠯ〉 ᠭᠡᠳᠡᠭ᠌ ᠳᠠᠭᠤᠤ ᠶᠢ ᠰᠤᠨᠤᠰᠬᠤ ᠳᠤ ᠰᠡᠳᠭᠢᠯ ᠡᠶᠡᠭᠦᠢᠳᠡᠭ᠍ᠰᠡᠨ ᠢ ᠶᠠᠭᠤᠨ ᠥᠭᠦᠯᠡᠭᠦ ᠠᠵᠠᠢ᠃

ᠬᠤᠷᠸ᠎ᠠ ᠶᠢᠨ ᠭᠢᠵᠠᠭᠠᠷ ᠨᠢ ᠬᠠᠷᠠᠭᠳᠠᠳᠠᠭ ᠦᠭᠡᠶ ᠳᠠᠷᠳᠠᠩ ᠵᠠᠮ ᠶᠢᠡᠷ ᠭᠦᠮᠦᠰ ᠦᠪᠡᠷ ᠦᠪᠡᠷ ᠤᠨ ᠶᠢᠡᠨ ᠬᠠᠷᠠᠯᠳᠠ ᠵᠥᠭ᠌ ᠣᠷᠤᠭᠰᠢᠯᠠᠬᠤ ᠯᠠ ᠶᠤᠮ᠃ ᠳᠡᠭᠡᠭᠡᠳ ᠵᠠᠷᠢᠮ ᠨᠢ ᠭᠦᠷᠳᠡᠭ᠌᠂ ᠵᠠᠷᠢᠮ ᠨᠢ ᠡᠰᠡ ᠭᠦᠷᠭᠦ ᠨᠢ ᠪᠣᠢ᠂ ᠨᠤᠮ ᠤᠨ ᠳᠠᠩᠭ᠋ᠠᠷᠢᠭ ᠮᠢᠨᠢ ᠢᠳᠡᠭᠡᠯ ᠡᠪᠦᠷᠯᠡᠭᠡᠴᠢ᠂ ᠢᠷᠡᠭᠡᠳᠦᠢ ᠶᠢᠨ ᠰᠠᠢ᠌ᠨ ᠰᠠᠢ᠌ᠬᠠᠨ ᠣᠢ᠌ᠯᠠᠰ ᠪᠢᠳᠠᠨ ᠢ ᠳᠠᠯᠠᠯᠠᠵᠤ ᠪᠣᠢ᠃ ᠳᠡᠭᠡᠭᠦ ᠳᠡᠭᠡᠨ ᠪᠠᠶᠠᠨ ᠰᠠᠢ᠌ᠬᠠᠨ ᠳᠡᠭ᠍ᠷᠢ ᠠᠭᠤᠯᠠ ᠶᠢᠨ ᠶᠢᠡᠨ ᠨᠠᠷᠠ ᠶᠢ ᠪᠢᠳᠠ ᠪᠦᠭᠦᠳᠡᠭᠡᠷ ᠳᠦᠭᠦᠷᠢᠭᠯᠡᠨ ᠵᠢᠷᠤᠬᠤ ᠶᠤᠮ ᠳ᠋ᠠ︕

4

ᠰᠦᠨᠢ ᠨᠠᠮ ᠭᠦᠮ᠂ ᠪᠣᠳᠤᠯ ᠦᠷᠭᠦᠯᠵᠢᠯᠡᠭ᠍ᠰᠡᠭᠡᠷ ᠁ ᠭᠦᠮᠤᠨ ᠭᠡᠭ᠍ᠴᠢ ᠡᠵᠢ ᠶᠢᠨ ᠭᠡᠪᠠᠯᠢ ᠡᠴᠠ ᠨᠢᠯᠬ᠎ᠠ ᠳᠠᠭᠤ ᠪᠠᠨ ᠬᠤᠷᠸ᠎ᠠ ᠳᠤ ᠴᠤᠤᠷᠢᠶᠠᠳᠠᠭᠤᠯᠤᠨ ᠮᠡᠡᠳᠦᠯᠡᠭ᠍ᠰᠡᠨ ᠶᠢᠡᠨ ᠬᠤᠵᠢᠮ ᠤᠨ ᠡᠳᠦᠷ ᠪᠠᠰᠠ ᠨᠢᠭᠡ ᠣᠯᠠᠨ ᠭᠦᠮᠦᠰ ᠤᠨ ᠣᠭᠢᠯᠠᠯ ᠵᠤᠪᠠᠨᠢᠯ ᠢ ᠠᠪᠣᠭᠠᠤᠨ ᠶ‍ᠢᠷᠳᠢᠠᠴᠤ ᠡᠴᠠ ᠠᠩᠭᠢᠵᠢᠷᠠᠬᠤ ᠨᠢ ᠯᠠᠪᠳᠠᠢ᠃ ᠡᠨᠡᠭᠦ ᠵᠢᠷᠭᠠᠯ ᠵᠤᠪᠠᠯᠠᠩ ᠬᠠᠯᠠᠭᠤᠨ ᠭᠦᠢᠳᠡᠨ ᠬᠤᠤᠰᠯᠠᠭᠰᠠᠨ ᠠᠮᠢᠳᠤᠷᠠᠯ ᠤᠨ ᠵᠠᠮ ᠳᠤ ᠳᠤᠷᠨᠢᠵᠤ ᠪᠠᠢ᠌ᠭ᠎ᠠ ᠣᠷᠴᠢᠨ ᠳᠤᠭᠤᠷᠢᠨ᠂ ᠨᠤᠮ ᠶᠢᠨ ᠳᠠᠩᠭ᠋ᠠᠷᠢᠭ᠂ ᠨᠠᠢ᠌ᠵᠠ᠂ ᠨᠥᠭᠦᠤᠨ ᠲᠡᠭᠡᠨ ᠰᠠᠢ᠌ᠬᠠᠨ ᠴᠤ ᠳᠤᠷᠠᠳᠬᠠᠯ ᠦᠯᠡᠳᠡᠭᠡᠵᠤ ᠣᠷᠭᠢᠪᠠᠯ ᠶᠠᠭᠤᠨ ᠥᠭᠡ ᠪᠠᠢ᠌ᠬᠤᠪ ᠳ᠋ᠠ︕

ᠳᠤᠷᠠᠰᠴᠤ ᠰᠠᠭᠤᠬᠤ ᠶᠠᠭᠤᠮ᠎ᠠ ᠲᠡᠶ ᠪᠣᠯ ᠰᠠᠢ᠌ᠬᠠᠨ ᠭᠡᠳᠡᠭ᠌ ᠢ ᠪᠢ ᠣᠳᠤ ᠢᠷᠡᠭᠡᠳ ᠣᠢ᠌ᠯᠭᠠᠵᠤ ᠳ᠋ᠡ ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠣᠭᠠᠯᠵᠠ ᠬᠤᠳᠠ

ᠵᠤᠬᠢᠶᠠᠭᠴᠢ᠄ ᠫᠣ ᠪᠠᠶᠡ᠊ᠨᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6202
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ