ᠨᠡᠪᠲᠡᠷᠡᠨ ᠤᠷᠤᠬᠤ
ᠮᠢᠨᠤ ᠡᠭᠡ ᠣᠷᠤᠨ

ᠮᠤᠭᠠᠢ ᠵᠢᠯ ᠤᠨ      

ᠥᠭᠡᠯᠵᠢᠨ ᠰᠠᠷ᠎ᠠ ᠵᠢᠨ      

ᠬᠤᠷᠢᠨ ᠳ᠋ᠤ      

ᠡᠵᠢ ᠪᠠᠨ ᠰᠢᠨᠠᠯᠭᠠᠵᠤ      

ᠭᠦᠤ ᠪᠣᠯᠤᠭᠰᠠᠨ ᠶᠤᠮ ᠪᠢ      

ᠭᠦᠳᠦᠰᠤᠨ ᠨᠡᠭᠡᠢ ᠳᠤ ᠮᠠᠠᠴᠣᠢ᠌ᠯᠠᠬᠤ    

ᠬᠡᠦᠬᠡᠳ ᠤᠨ ᠨᠢᠷᠠᠢ ᠳᠠᠭᠤ ᠪᠠᠷ      

ᠭᠦᠳᠡᠭᠡᠯᠢ ᠪᠣᠷᠤ      

ᠡᠵᠢ ᠮᠢᠨᠢ ᠳᠡᠭᠡᠭᠡᠳ      

ᠰᠦ᠋ ᠲᠡᠶ ᠪᠠᠨ ᠣᠠᠳᠤᠷᠤᠬᠤ      

ᠮᠢᠨᠤ ᠡᠭᠡ ᠣᠷᠤᠨ      

      

ᠨᠠᠷᠠᠨ ᠤ ᠠᠯᠳᠠᠨ      

ᠰᠠᠴᠤᠷᠠᠭ ᠢ ᠳᠠᠭᠠᠵᠤ      

ᠨᠠᠰᠤ ᠪᠠᠨ ᠶᠠᠰᠤᠵᠢᠭᠤᠯᠵᠤ      

ᠳᠤᠷᠨᠢᠭᠰᠠᠨ ᠶᠤᠮ      

ᠰᠠᠯᠭᠢᠨ ᠤ ᠵᠥᠭᠡᠯᠡᠨ      

ᠢᠯᠪᠢᠯᠳᠠ ᠳᠤ ᠠᠯᠠᠭᠠᠳᠠᠭᠤᠯᠤᠨ      

ᠨᠢᠷᠠᠢ᠌ᠯᠢᠭ ᠴᠢᠷᠠᠢ ᠪᠠᠨ      

ᠭᠦᠷᠦᠰᠦᠭᠦᠯᠳᠡᠭ᠌ ᠶᠤᠮ      

《ᠭᠠᠯ ᠥᠭ᠍ᠪᠠᠯ ᠡᠮᠭᠦᠴᠢᠭᠡᠳᠡᠭ᠌      

ᠭᠠᠷᠠᠭ ᠥᠭ᠍ᠪᠠᠯ ᠳᠡᠪᠠᠷᠢᠴᠢᠭᠡᠳᠡᠭ᠌》       

ᠮᠥᠯᠭᠦᠭᠡ ᠪᠠᠷ ᠵᠢᠠᠨ      

ᠭᠦᠯ ᠳᠤ ᠣᠷᠤᠳᠠᠭ      

ᠮᠢᠨᠤ ᠡᠭᠡ ᠣᠷᠤᠨ      

      

ᠡᠵᠢ ᠶᠢᠨ ᠬᠤᠷᠮᠤᠢ ᠵᠢᠨ      

ᠠᠷᠤ ᠡᠮᠦᠨ᠎ᠡ ᠡᠴᠠ ᠨᠢ ᠵᠠᠭᠤᠷᠠᠵᠤ      

ᠢᠰᠢᠭᠡ ᠶᠢᠨ ᠮᠠᠢ᠌ᠯᠠᠭ᠎ᠠ ᠳᠠᠢ      

ᠳᠠᠭᠤ ᠨᠡᠢ᠌ᠯᠡᠭᠦᠯᠤᠨ ᠳᠤᠷᠨᠢᠭᠰᠠᠨ ᠶᠤᠮ      

ᠣᠭᠵᠢᠵᠤ ᠥᠰᠭᠡᠭ᠍ᠰᠡᠨ      

ᠣᠭᠤᠳᠠᠩ ᠳᠤᠭᠤᠯ ᠤᠨ      

ᠪᠢᠷ᠎ᠠ ᠲᠡᠶ ᠨᠤᠴᠤᠯᠳᠤᠨ      

ᠡᠷ᠎ᠡ ᠶᠢᠨ ᠴᠢᠭᠢᠷᠠᠭ ᠢ      

ᠪᠠᠶ᠎ᠠ ᠳᠡᠭᠡᠨ ᠰᠢᠩᠭᠡᠭᠡᠭ᠍ᠰᠡᠨ      

ᠮᠢᠨᠤ ᠡᠭᠡ ᠣᠷᠤᠨ      

    

ᠢᠰᠢᠭᠡ ᠬᠠᠷᠢᠭᠤᠯᠬᠤ ᠪᠠᠷ    

ᠠᠢ᠌ᠯ ᠤᠨ ᠬᠡᠦᠬᠡᠳ ᠲᠡᠶ ᠪᠣᠯᠵᠤᠬᠤ    

ᠡᠯᠡᠰᠤᠨ ᠡᠩᠭᠡᠷ ᠤᠨ    

ᠪᠠᠯ ᠢ ᠡᠷᠭᠢᠴᠡᠭᠦᠯᠤᠨ ᠨᠤᠳᠤᠭᠰᠢᠬᠤ    

ᠨᠠᠷᠢᠨ ᠬᠤᠯᠤᠰᠤᠨ ᠮᠤᠷᠢᠳ ᠵᠢᠠᠨ    

ᠥᠩᠭᠡᠳᠤ ᠪᠦᠰ ᠶᠢᠡᠷ ᠨᠤᠭᠳᠤᠯᠠᠬᠤ    

ᠡᠮᠳᠡᠷᠭᠡᠢ ᠸᠠᠭᠠᠷ ᠤᠨ ᠬᠠᠶᠠᠭᠳᠠᠮᠠᠯ ᠵᠢᠠᠷ    

ᠠᠶᠠᠭ᠎ᠠ ᠰᠠᠪᠠ ᠪᠠᠨ ᠳᠡᠭᠡᠵᠢᠯᠡᠭᠦ    

ᠠᠢ᠌ᠯ ᠪᠣᠯᠤᠨ    

ᠵᠤᠴᠢᠨ ᠶᠢᠡᠨ ᠣᠭᠳᠤᠬᠤ    

ᠶᠡᠭᠡᠴᠦᠦᠯ ᠤᠨ ᠶᠤᠰᠤ ᠵᠢ  

ᠣᠳᠤᠭ᠎ᠠ ᠰᠤᠭᠤᠨᠠᠭᠯᠠᠭᠰᠠᠨ  

ᠠᠮᠢᠳᠤᠷᠬᠠᠵᠤ ᠪᠢ  

ᠨᠢᠰᠤᠩᠬᠠᠢ ᠰᠢᠷ᠎ᠠ    

ᠠᠢ᠌ᠯ ᠤᠨ ᠭᠡᠦᠭᠡᠨ ᠵᠢᠠᠷ    

ᠪᠠᠷᠢ ᠪᠠᠨ ᠪᠣᠯᠭᠠᠨ    

ᠪᠣᠭᠳᠤᠯᠠᠵᠤ ᠪᠠᠭᠤᠯᠭᠠᠬᠤ    

ᠰᠢᠪᠠᠭ ᠤᠨ ᠨᠠᠮᠠᠭ᠎ᠠ ᠶᠢ ᠥᠭ᠍ᠳᠡᠭᠦᠯᠤᠨ    

ᠬᠤᠭᠤᠯᠠ ᠪᠣᠴᠤᠭᠠᠯᠭᠠᠨ ᠵᠢᠷᠭᠠᠬᠤ    

ᠡᠷᠭᠢᠨ ᠡᠮᠳᠡᠷᠭᠡᠢ ᠪᠠᠷ    

ᠰᠤᠮᠤ ᠭᠢᠯᠴᠠᠨ ᠪᠠᠢ᠌ᠯᠳᠤᠬᠤ    

ᠡᠷ᠎ᠡ ᠶᠢᠨ ᠪᠦᠭᠡ ᠳ᠋ᠤ    

ᠨᠠᠭᠠᠳᠤᠮ ᠤᠨ ᠳᠦᠷᠦᠭᠦᠤ ᠱᠠᠩ ᠳᠠᠢ    

ᠨᠢᠭᠡ ᠮᠡᠳᠡᠭᠦ ᠪᠠᠷ    

ᠠᠢ᠌ᠯ ᠤᠨ ᠰᠦᠷᠦᠭ᠌ ᠳᠤ    

ᠮᠠᠯ ᠶᠢᠡᠨ ᠨᠡᠢ᠌ᠯᠡᠭᠦᠯᠵᠤ  

ᠡᠵᠢ ᠳᠤ ᠪᠠᠨ ᠵᠠᠩᠨᠠᠭᠤᠯᠤᠨ    

ᠬᠠᠯᠠᠭᠤᠨ ᠪᠣᠤᠪᠣ ᠠᠮᠰᠠᠬᠤ ᠪᠠᠷ    

ᠦᠷᠯᠦᠭᠡ ᠶᠢᠨ ᠨᠠᠷᠠᠨ    

ᠦᠳᠡ ᠬᠠᠵᠠᠢ᠌ᠨ    

ᠬᠠᠷᠢᠬᠤ ᠪᠠᠨ ᠨᠢᠭᠡ    

ᠰᠠᠨᠠᠭᠠᠨ ᠳᠤ ᠣᠷᠤᠳᠠᠭ    

ᠣᠷᠤᠭᠤ ᠴᠢᠷᠠᠢ᠌ᠯᠠᠨ    

ᠰᠦᠷᠦᠭ᠌ ᠶᠢᠡᠨ ᠢᠯᠭᠠᠬᠤ    

ᠡᠳᠦᠷ ᠤᠨ ᠭᠡᠮᠰᠢᠯ ᠢ    

ᠮᠠᠷᠭᠠᠰᠢ ᠪᠠᠷ ᠮᠠᠷᠳᠠᠳᠠᠭ    

ᠳᠤᠮᠤᠭ᠎ᠠ ᠦᠭᠡᠶ ᠨᠠᠰᠤᠨ ᠤ    

ᠣᠬᠠᠭ᠎ᠠ ᠦᠭᠡᠶ ᠵᠢᠷᠭᠠᠯ    

ᠳᠤᠭᠤᠭᠠᠴᠠᠭ᠎ᠠ ᠦᠭᠡᠶ ᠭᠡᠨᠡᠨ    

ᠮᠢᠨᠤ ᠡᠭᠡ ᠣᠷᠤᠨ    

    

ᠡᠷᠳᠡ ᠣᠷᠢᠳᠤ ᠵᠢᠨ    

ᠴᠠᠭ ᠭᠡᠭᠦ ᠪᠠᠷ    

ᠡᠵᠢ ᠶᠢᠨ ᠠᠮᠠᠨ ᠡᠴᠠ    

ᠥᠯᠢᠭᠡᠷ ᠢᠩᠭᠢᠵᠤ    

ᠪᠠᠭᠤᠳᠠᠭ ᠶᠤᠮ    

ᠡᠷᠡᠤ ᠪᠠᠨ ᠲᠦᠰᠢᠨ    

ᠮᠠᠩᠬ᠎ᠠ ᠵᠠᠢ᠌ᠳᠠᠯᠠᠨ    

ᠣᠬᠠᠭᠠᠨ ᠤ ᠰᠤᠶᠤᠯ ᠢ    

ᠡᠵᠢ ᠡᠴᠠ ᠪᠠᠨ    

ᠠᠩᠬ᠎ᠠ ᠰᠤᠷᠤᠭᠰᠠᠨ ᠶᠤᠮ    

ᠬᠤᠷ ᠳᠠᠯ ᠳᠠᠢ    

ᠬᠤᠯᠠᠨ ᠲ᠋ᠠᠭ᠎ᠠ ᠶᠢᠨ ᠨᠢᠷᠤᠭᠤᠨ ᠳ᠋ᠤ    

ᠠᠪᠣ ᠪᠠᠨ ᠲᠦᠰᠢᠨ    

ᠠᠯᠠᠪᠭᠢᠨ ᠰᠠᠭᠤᠬᠤ ᠵᠢ    

ᠰᠠᠨᠠᠭᠰᠠᠨ ᠶᠤᠮ    

ᠬᠠᠳᠠᠭᠤ ᠬᠠᠷᠠᠢ᠌ᠯᠳᠠ ᠳ᠋ᠤ    

ᠪᠦᠭ᠍ᠰᠡ ᠳᠤᠭᠳᠠᠵᠤ ᠴᠢᠳᠠᠭ᠎ᠠ ᠥᠭᠡᠢ    

ᠬᠤᠷᠸ᠎ᠠ ᠶᠢᠨ ᠭᠡᠰᠢᠭ᠌ ᠢ    

ᠰᠢᠷᠤᠢ ᠲᠡᠶ ᠨᠢ ᠡᠮᠭᠦᠵᠤ    

ᠠᠮᠰᠠᠭᠰᠠᠨ ᠶᠤᠮ    

ᠬᠤᠪᠢ ᠢᠷᠦᠭᠡᠯ ᠳᠠᠢ    

ᠳᠦᠷᠦᠭᠦᠯᠦᠭ᠍ᠰᠡᠨ ᠨᠤᠳᠤᠭ ᠵᠢᠠᠨ  

ᠢᠩᠭᠢᠵᠤ ᠪᠢ ᠳᠠᠨᠢᠭᠰᠠᠨ ᠶᠤᠮ    

ᠦᠷᠯᠦᠭᠡ ᠪᠣᠰᠬᠤ ᠪᠠᠷ    

ᠠᠯᠠᠭᠠᠨ ᠡᠭᠦᠯᠡ    

ᠴᠡᠩᠭᠡᠷ ᠣᠭᠳᠠᠷᠭᠤᠢ ᠳᠤ ᠬᠤᠷᠭᠤᠳᠠᠬᠤ ᠪᠠᠷ    

ᠦᠳᠡ ᠶᠢᠨ ᠵᠠᠬ᠎ᠠ ᠪᠠᠷ  

ᠠᠶᠤᠩᠭ᠎ᠠ ᠵᠠᠩᠭᠢᠷᠠᠨ    

ᠪᠣᠷᠤᠭᠠᠯᠠᠳᠠᠭ ᠴᠤ ᠶᠤᠮ    

ᠦᠩᠭᠡᠨ ᠳᠤᠯᠤᠭᠠᠨ    

ᠰᠤᠯᠤᠩᠭ᠋ᠠᠤᠨ ᠶᠢᠡᠨ ᠳᠠᠳᠠᠵᠤ    

ᠨᠠᠷᠠ ᠳᠤᠩᠭ᠋ᠠᠯᠠᠭᠰᠢᠨ

ᠴᠡᠯᠮᠡᠭ᠍ᠰᠢᠳᠡᠭ᠌ ᠴᠤ ᠶᠤᠮ    

ᠴᠠᠪᠠᠷ ᠳᠤᠩᠭ᠋ᠠᠯᠠᠭ ᠠᠮᠢᠰᠬᠤᠯ ᠵᠢᠠᠷ    

ᠭᠦᠮᠤᠨ ᠮᠠᠯ ᠪᠠᠯᠴᠢᠭᠡᠷ ᠲᠡᠶ ᠪᠠᠨ    

ᠴᠡᠭᠡᠵᠢ ᠣᠩᠭ᠋ᠣᠢ᠌ᠨ ᠳᠡᠨᠡᠢᠳᠡᠭ᠌ ᠴᠤ ᠶᠤᠮ    

ᠵᠢᠪᠬᠤᠭᠠᠳᠤ ᠮᠤᠩᠭ᠋ᠤᠯ ᠣᠷᠤᠨ    

ᠠᠮᠤᠭᠠᠯᠠᠩᠳᠤ ᠳᠦᠷᠢ ᠲᠡᠶ ᠪᠠᠨ ᠪᠠᠶᠠᠰᠳᠠᠭ    

ᠥᠩᠭᠡᠳᠤ ᠶᠢᠷᠳᠢᠠᠴᠤ ᠵᠢᠨ    

ᠦᠯᠵᠡᠢ ᠶᠢᠨ ᠭᠡᠢ᠌ᠮᠦᠷᠢ ᠪᠠᠷ ᠵᠠᠶᠠᠭᠠᠭᠰᠠᠨ    

ᠮᠢᠨᠤ ᠡᠭᠡ ᠣᠷᠤᠨ    

  

ᠣᠯᠠᠨ ᠨᠢᠳᠤᠳᠤ  

ᠴᠠᠭᠠᠰᠤᠨ ᠴᠤᠩᠬᠤ ᠳᠠᠢ  

ᠪᠠᠷᠢᠭᠠᠳᠠ ᠶᠢᠨ ᠳᠤᠵᠢᠨ ᠭᠡᠷ ᠳᠤ  

ᠰᠢᠪᠠᠷ ᠶᠢᠡᠷ ᠦᠷᠦᠭ᠍ᠰᠡᠨ  

ᠰᠢᠷᠡᠭᠡ ᠪᠣᠶᠤ ᠰᠠᠠᠳᠠᠯᠢ  

ᠡᠨ ᠨᠨ ᠪᠠ ᠫᠠ᠎

ᠠᠶ᠎ᠠ ᠳᠠᠳᠠᠨ ᠳᠠᠭᠤᠳᠠᠬᠤ  

ᠰᠤᠶᠤᠯ ᠮᠦᠷ ᠤᠨ  

ᠠᠩᠬᠠᠨ ᠤ ᠪᠣᠱᠤᠭ᠎ᠠ  

ᠭᠤᠷᠪᠠᠬᠠᠨ ᠰᠤᠷᠤᠭᠴᠢ ᠳᠠᠢ  

ᠠᠩᠭᠢ ᠶᠢᠨ ᠭᠡᠷ  

ᠮᠢᠨᠤ ᠡᠭᠡ ᠣᠷᠤᠨ  

  

ᠰᠢᠰᠢ ᠶᠢᠨ ᠪᠣᠤᠪᠣ  

ᠴᠥᠯᠢᠭᠡᠷ ᠤᠨ ᠭᠤᠯᠢᠷ ᠳᠤ  

ᠭᠡᠳᠡᠰᠤ ᠮᠤᠷᠣᠢ᠌ᠨ ᠬᠤᠷᠴᠢᠭᠢᠨᠠᠵᠤ  

ᠡᠪᠦᠯ ᠣᠩᠭ᠋ᠠᠰᠤᠨ ᠳᠤ ᠨᠢ ᠳᠤᠯᠠᠭᠠᠴᠠᠨ  

ᠵᠤᠨ ᠭᠦᠷᠦᠰᠤᠨ ᠳᠤ ᠨᠢ ᠰᠡᠷᠢᠭᠦᠴᠡᠳᠡᠭ᠌  

ᠢᠰᠢᠭᠡᠨ ᠭᠦᠡᠵᠢᠯᠡ ᠳᠠᠢ  

ᠳᠠᠯᠠᠭᠠᠤᠨ ᠣᠨ  

ᠮᠢᠨᠤ ᠡᠭᠡ ᠣᠷᠤᠨ  

  

ᠰᠤᠷᠬᠤ ᠶᠢᠨ ᠭᠠᠭᠴᠠ  

ᠮᠦᠷ ᠢ ᠪᠠᠷᠢᠵᠤ

ᠮᠠᠯ ᠤᠨ ᠰᠡᠭᠦᠯ

ᠮᠤᠰᠭᠢᠬᠤ ᠦᠭᠡᠶ ᠭᠡᠵᠤ

ᠰᠤᠷᠮᠠᠭᠠᠢ ᠣᠯᠠᠨ

ᠪᠠᠭᠰᠢ ᠶᠢᠨ ᠳᠤᠤᠷ᠎ᠠ

ᠡᠷᠳᠡᠮ ᠭᠦᠯᠢᠶᠡᠨ ᠳᠤᠰᠤᠭᠰᠠᠨ ᠶᠤᠮ

ᠰᠤᠷᠳᠠᠯ ᠦᠨᠳᠦᠷ

ᠪᠠᠭᠰᠢ ᠶᠢᠨ ᠰᠤᠷᠭᠠᠭᠤᠯᠢ ᠳᠤ

ᠬᠤᠪᠢ ᠲᠡᠶ ᠪᠠᠨ ᠪᠣᠴᠠᠯᠭᠠᠵᠤ

ᠭᠦᠷᠦᠭ᠍ᠰᠡᠨ ᠶᠤᠮ  

ᠰᠢᠷᠠᠬᠤᠳᠠ ᠶᠢᠨ ᠬᠠᠭᠤᠴᠢᠨ ᠪᠠᠭᠤᠷᠠᠢ ᠳ᠋ᠤ  

ᠰᠤᠷᠤᠭᠴᠢ ᠭᠠᠷᠤᠯ ᠲᠡᠶ ᠶᠠᠪᠣᠭᠰᠠᠨ ᠶᠤᠮ  

ᠠᠰᠠᠷ ᠳᠠᠭᠳᠤ ᠵᠢ  

ᠠᠩᠬ᠎ᠠ ᠡ᠊ᠨᠳᠡ ᠳᠠᠨᠢᠭᠰᠠᠨ ᠶᠤᠮ  

ᠠᠩᠭᠢ ᠶᠢᠨ ᠨᠥᠭᠦᠤᠨ ᠲᠡᠶ ᠪᠠᠨ  

ᠬᠠᠮᠳᠤ ᠶᠢᠨ ᠬᠤᠪᠴᠠᠰᠤ ᠲᠡᠶ ᠪᠣᠯᠤᠭᠰᠠᠨ ᠶᠤᠮ  

ᠳ᠋ᠸᠩ ᠯᠢ ᠵᠢᠶᠦ᠋ᠨ ᠤ  

ᠣᠶᠠᠬᠠᠨ ᠳᠠᠭᠤᠨ ᠵᠢᠠᠷ  

ᠡᠭᠡᠨᠡᠷ ᠠᠪᠬᠤ ᠶᠢᠨ

ᠪᠣᠳᠤᠯ ᠳᠦᠷᠦᠭᠦᠯᠵᠤ  

ᠠᠩᠭᠢ ᠶᠢᠨ ᠦᠬᠢᠳ ᠡᠴᠠ  

ᠵᠢᠰᠤ ᠲᠡᠶ ᠶᠢ ᠨᠢ ᠬᠠᠷᠠᠨ  

ᠰᠢᠡᠵᠢᠭ᠍ᠰᠡᠨ ᠶᠤᠮ  

ᠠ᠊·ᠰᠠ᠊·ᠫᠦᠱᠺᠢᠨ ᠤ  

ᠰᠢᠯᠦᠭ᠌ ᠤᠨ ᠨᠤᠮ ᠳ᠋ᠤ  

ᠠᠮᠳᠠᠷᠬᠠᠵᠤ ᠪᠢ  

ᠨᠠᠢ᠌ᠷᠠᠭ ᠲᠤ ᠱᠤᠮᠪᠠᠬᠤ  

ᠰᠢᠯᠦᠭ᠌ ᠤᠨ ᠣᠩᠭ᠋ᠤᠳ ᠵᠢᠠᠨ  

ᠰᠣᠢ᠌ᠭᠰᠠᠨ ᠯᠠ ᠶᠤᠮ  

ᠴᠠᠭᠠᠨ ᠮᠠᠠᠳᠠᠤ ᠳ᠋ᠤ  

ᠴᠠᠭ ᠲᠠᠭᠠᠨ ᠴᠠᠳᠳᠠᠭ  

ᠵᠢᠷᠭᠠᠯᠳᠤ ᠠᠮᠢᠳᠤᠷᠠᠯ  

ᠥᠭᠡᠷᠡᠴᠢᠯᠡᠯᠳᠡ ᠨᠡᠭᠡᠭᠡᠯᠳᠡ ᠵᠢᠨ  

ᠡᠭᠦᠳᠡ ᠶᠢ ᠰᠡᠭᠦᠭ᠍ᠰᠡᠨ  

ᠳ᠋ᠸᠩ ᠰᠢᠶᠤᠤ ᠫᠢᠩ ᠤᠨ ᠣᠨᠤᠯ  

ᠡᠷᠦᠭᠡ ᠳᠤ ᠳᠠᠭᠠᠭᠠᠴᠢᠯᠠᠭᠤᠯᠬᠤ ᠳᠦᠷᠢᠮ ᠵᠢᠠᠷ  

ᠳᠠᠯ᠎ᠠ ᠳᠤ ᠪᠠᠨ ᠠᠮᠢᠵᠢᠷᠠᠯ ᠭᠦᠷᠳᠡᠭ᠍ᠰᠡᠨ  

ᠭᠡᠳᠡᠰᠤ ᠪᠠᠨ ᠪᠣᠭᠤᠭᠰᠠᠨ ᠠᠷᠠᠤᠨ  

ᠮᠠᠩᠨᠠᠢ ᠳᠠᠨᠠᠢ᠌ᠨ ᠪᠣᠰᠤᠭᠰᠠᠨ  

ᠮᠢᠨᠤ ᠡᠭᠡ ᠣᠷᠤᠨ  

  

ᠣᠷᠳᠤ ᠰᠠᠬᠠᠯ ᠳᠠᠢ  

ᠮᠠᠷᠺᠰ ᠤᠨ ᠣᠨᠤᠯ  

ᠣᠯᠤᠰ ᠳᠦᠷᠤ  

ᠭᠦᠨ ᠣᠬᠠᠭᠠᠨ ᠢ  

ᠢᠷᠭᠡᠨ ᠪᠠᠭᠰᠢ ᠵᠢᠨ  

ᠢᠷ ᠲᠡᠶ ᠠᠮᠠᠨ ᠡᠴᠠ  

ᠵᠡᠭᠦᠤ ᠥᠵᠦᠭᠦᠷᠯᠡᠨ  

ᠰᠤᠷᠴᠤ ᠶᠠᠪᠣᠬᠤ ᠪᠠᠷ  

ᠡᠷᠳᠡᠮᠳᠤ ᠶᠡᠭᠡ ᠶᠠᠷᠠᠨ ᠣᠨ  

ᠰᠤᠶᠤᠯ ᠦᠨᠳᠦᠷ  

ᠰᠤᠷᠭᠠᠨ ᠭᠦᠮᠦᠵᠢᠯ ᠤᠨ  

ᠳᠡᠭᠡᠳᠤ ᠰᠤᠷᠭᠠᠭᠤᠯᠢ    

ᠮᠢᠨᠤ ᠡᠭᠡ ᠣᠷᠤᠨ  

  

ᠥᠭᠡᠷᠡᠴᠢᠯᠡᠯᠳᠡ ᠴᠢᠯᠦᠭᠡᠵᠢᠯ ᠤᠨ  

ᠦᠷᠯᠦᠭ᠌ ᠭᠠᠪᠢᠶ᠎ᠠ  

ᠳᠤᠮᠳᠠᠳᠤ ᠲᠦᠮᠡᠨ ᠢ  

ᠳᠠᠭᠤᠤ ᠲᠡᠶ ᠨᠢ ᠡᠷᠭᠦᠵᠤ ᠪᠣᠰᠬᠠᠭᠰᠠᠨ ᠶᠤᠮ  

ᠰᠢᠡᠵᠢᠯᠡᠭᠦ ᠣᠬᠠᠭᠠᠨ  

ᠳᠸᠭ᠍ᠨᠢᠭ᠌ ᠮᠡᠷᠭᠡᠵᠢᠯ ᠵᠢᠠᠷ  

ᠰᠢᠨᠡᠴᠢᠯᠡᠭᠦ ᠵᠠᠮ ᠳᠤ ᠣᠷᠤᠭᠤᠯᠤᠭᠰᠠᠨ ᠶᠤᠮ  

ᠰᠦᠷᠳᠠᠰᠢ ᠥᠭᠡᠢ  

ᠰᠦᠷ ᠳᠠᠯᠠᠢ᠌ᠴᠢᠳᠠᠢ ᠭᠦᠴᠤᠨ ᠵᠢᠠᠷ  

ᠬᠤᠷᠢᠭᠤᠯ ᠬᠤᠷᠢᠭ᠎ᠠ ᠳᠠᠢ  

ᠬᠤᠷᠢᠨ ᠨᠢᠭᠡᠨ ᠵᠠᠭᠤᠨ ᠢ  

ᠰᠢᠳᠤ ᠵᠠᠭᠤᠨ ᠳᠠᠭᠠᠷᠢᠳᠠᠭ  

ᠮᠢᠨᠤ ᠡᠭᠡ ᠣᠷᠤᠨ  

  

  

ᠣᠢ᠌ᠯᠠᠳᠪᠣᠷᠢ ᠶᠢᠨ ᠣᠳᠤᠭᠠᠤᠨ      

ᠠᠭᠠᠷ ᠲᠤ ᠪᠠᠳᠠᠭᠠᠨᠠᠨ      

ᠡᠭᠦᠯᠡᠰᠢᠭ᠍ᠰᠡᠨ      

ᠮᠠᠯ ᠰᠦᠷᠦᠭ᠌      

ᠬᠠᠰᠢᠶᠠᠨ ᠤ ᠰᠠᠷᠠᠪᠴᠢᠨ ᠳ᠋ᠤ      

ᠬᠤᠨᠤᠠᠠᠰᠢᠠᠠᠰᠠᠨ      

ᠪᠠᠯᠴᠢᠭᠡᠷ ᠣᠰᠤ      

ᠰᠡᠯᠡᠭᠦᠴᠡᠨ ᠠᠮᠠᠷᠠᠵᠤ      

ᠳᠤᠤᠷᠯᠠᠭᠳᠠᠭᠰᠠᠨ    

ᠭᠦᠮᠤᠨ ᠠᠷᠠᠤᠨ ᠨᠢ      

ᠨᠥᠭᠦᠭᠦᠪᠦᠷᠢ ᠬᠠᠷᠮᠠᠯᠠᠨ      

ᠵᠢᠷᠭᠠᠭᠰᠠᠨ      

ᠳᠦᠷᠤ ᠶᠢᠨ ᠪᠣᠳᠤᠯᠭ᠎ᠠ      

ᠲᠦᠮᠡᠨ ᠢ ᠠᠮᠤᠷᠵᠢᠭᠤᠯᠤᠭᠰᠠᠨ      

ᠮᠢᠨᠤ ᠡᠭᠡ ᠣᠷᠤᠨ      

      

ᠮᠠᠯ ᠤᠨ ᠮᠦᠷ ᠵᠢᠠᠷ      

ᠳᠤᠰᠤ ᠪᠣᠯᠳᠠᠭ ᠤᠨ ᠵᠢᠮ᠎ᠠ ᠪᠠᠷ      

ᠮᠠᠯᠴᠢᠨ ᠲᠦᠮᠡᠨ      

ᠬᠤᠳᠠ ᠶᠢᠨ ᠵᠠᠮ ᠶᠢᠡᠷ ᠨᠡᠭᠦᠳᠡᠯᠯᠡᠨ᠎ᠡ      

ᠰᠠᠭᠠᠯᠢ ᠰᠠᠭᠤᠰᠤᠭᠰᠠᠨ (ᠪᠢᠯᠬᠠᠷᠠᠭᠰᠠᠨ)      

ᠣᠨ ᠵᠢᠯ ᠶᠢᠡᠨ ᠣᠷᠭᠢᠵᠤ      

ᠰᠠᠯᠭᠢ ᠵᠠᠯᠭᠢᠭᠰᠠᠨ      

ᠰᠡᠯᠡᠭᠦᠤ ᠠᠮᠢᠳᠤᠷᠠᠯ ᠳ᠋ᠤ      

ᠳᠠᠰᠬᠤ ᠦᠭᠡᠶ ᠡᠷᠭᠢᠴᠡᠭᠦ      

ᠪᠣᠷᠪᠢᠨ ᠤ ᠪᠠᠨ ᠮᠢᠬ᠎ᠠ ᠶᠢ ᠵᠠᠵᠢᠯᠠᠬᠤ      

ᠪᠠᠯᠡᠭᠡᠨ ᠠᠮᠢᠳᠤᠷᠠᠯ ᠳᠤ ᠵᠢᠷᠭᠠᠭᠰᠠᠨ      

ᠮᠢᠨᠤ ᠡᠭᠡ ᠣᠷᠤᠨ      

      

ᠣᠢ᠌ᠳᠠᠮ᠎ᠠ ᠣᠷᠳᠤ      

ᠰᠢᠷ᠎ᠠ ᠡᠳᠦᠷ ᠤᠳ ᠵᠢᠠᠷ      

ᠦᠷ ᠶᠢᠡᠷ ᠰᠤᠯᠤᠩᠭ᠋ᠠᠷᠠᠬᠤ      

ᠪᠣᠷᠤ ᠪᠦᠰᠡᠭᠦᠢ ᠶᠢᠨ ᠴᠢᠷᠠᠢ      

ᠦᠰᠢᠯᠳᠤᠵᠤ ᠬᠤᠴᠢᠬᠤ      

ᠪᠠᠭᠠᠯ ᠨᠤᠬᠠᠢ᠌ᠳ ᠤᠨ ᠠᠷᠭᠢᠯᠭ᠎ᠠ ᠳᠠᠢ      

ᠨᠤᠪᠰᠢ ᠶᠢᠨ ᠣᠪᠣᠭᠠᠨ ᠳ᠋ᠤ      

ᠠᠮᠢ ᠳᠡᠵᠢᠭᠡᠨ ᠣᠠᠳᠤᠷᠠᠬᠤ      

ᠨᠣᠢ᠌ᠳᠠᠨ ᠭᠦᠢᠳᠡᠨ ᠢ      

ᠨᠣᠢ᠌ᠷ ᠲᠠᠭᠠᠨ ᠵᠠᠯᠭᠢᠭᠰᠠᠨ      

ᠮᠢᠨᠤ ᠡᠭᠡ ᠣᠷᠤᠨ      

      

ᠠᠷᠳᠠᠭ ᠳᠠᠪᠭᠢᠳᠠᠭ      

ᠠᠭᠳᠠ ᠮᠤᠷᠢᠳ ᠤᠨ ᠳᠤᠭᠤᠰᠤ      

ᠣᠳᠤᠭ᠎ᠠ ᠰᠤᠭᠤᠨᠤᠭᠯᠠᠭᠰᠠᠨ      

ᠮᠤᠩᠭ᠋ᠤᠯ ᠭᠡᠷ ᠤᠨ ᠳᠤᠭᠤᠨᠤ      

ᠠᠷᠤᠭ ᠡᠭᠦᠷᠦᠭ᠍ᠰᠡᠨ      

ᠡᠵᠢ ᠶᠢᠨ ᠲᠦᠯᠭᠡᠭᠡᠨ ᠳᠦᠷᠢ      

ᠣᠭᠤᠳᠤᠩ ᠳᠤᠭᠤᠯ ᠤᠨ      

ᠪᠣᠯᠳᠠᠴᠢᠨ ᠨᠠᠭᠠᠳᠳᠠᠭ ᠴᠠᠢ᠌ᠳᠠᠮ    

ᠢᠰᠢᠭᠡ ᠬᠠᠷᠢᠭᠤᠯᠳᠠᠭ      

ᠳᠤᠭᠤᠷᠢᠮ ᠤᠨ ᠶᠡᠭᠡ ᠵᠠᠳᠠᠭᠠᠢ      

ᠳᠠᠷᠠ ᠪᠦᠭᠦᠨ ᠊᠊᠊᠊᠊᠊᠊᠊᠊᠊᠊᠊᠊᠊᠊       

ᠳᠠᠷᠢᠭᠢᠨ ᠳᠤ ᠬᠠᠳᠠᠭᠠᠯᠠᠭᠳᠠᠬᠤ      

ᠳᠠᠨᠠᠨ ᠴᠠᠭᠠᠨ ᠳᠤᠷᠠᠳᠬᠠᠯ      

ᠬᠠᠨᠠᠨ ᠳᠤ ᠡᠯᠭᠦᠭ᠍ᠳᠡᠭᠦ      

ᠳᠠᠷᠤᠰᠤᠮᠵᠢ ᠶᠢᠨ ᠭᠤᠸᠠᠯᠢᠭ ᠭᠦᠷᠳᠡᠭᠡᠮᠵᠢ      

ᠳᠠᠮᠢᠷ ᠳᠡᠵᠢᠭᠡᠭᠦ      

ᠣᠬᠠᠭᠠᠨ ᠢ ᠣᠮᠳᠠᠯᠠᠭᠰᠠᠨ    

ᠳᠡᠦᠭᠡᠨ ᠮᠦᠷ ᠵᠢᠠᠷ      

ᠱᠤᠭᠰᠢᠨ ᠥᠩᠭᠡᠷᠡᠳᠡᠭ᠌      

ᠮᠢᠨᠤ ᠡᠭᠡ ᠣᠷᠤᠨ      

      


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3873
ᠴᠠᠭ᠄ 2011 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ