☆ ᠬᠠᠰᠭᠢᠷᠤᠯ
ᠭᠠᠷ
ᠪᠠᠶᠠᠨ ᠤ ᠡᠷᠭᠡᠳᠡᠨ
ᠪᠢᠯᠢᠭ᠌ ᠣᠬᠠᠭᠠᠨ ᠤ ᠭᠠᠢ᠌ᠬᠠᠮᠰᠢᠭ
ᠭᠠᠷ ᠁
ᠶᠢᠰᠤᠨ ᠳᠡᠭ᠍ᠷᠢ ᠶᠢᠨ ᠵᠠᠮ ᠡᠷᠭᠢᠭ᠍ᠰᠡᠨ
ᠬᠤᠷᠤᠭᠤᠨ ᠤ ᠥᠡᠳᠡᠭᠡᠨ ᠠᠭᠤᠯᠠ ᠣᠰᠤ ᠳᠠᠢ
ᠶᠠᠷᠳᠢᠠᠴᠤ ᠶᠢᠨ ᠵᠠᠶᠠᠭ᠎ᠠ ᠳᠤᠷᠠᠢ᠌ᠭᠰᠠᠨ
ᠭᠦᠮᠤᠨ ᠤ ᠠᠯᠠᠭᠠᠨ ᠪᠣᠷᠬᠠᠨ ᠲᠦᠯᠭᠡ ᠳᠠᠢ
ᠣᠰᠤᠨ ᠳᠡᠭᠡᠷ᠎ᠡ ᠣᠨᠠᠭᠰᠠᠨ ᠳᠤᠰᠤᠯ ᠭᠦᠷᠳᠡᠯ᠎ᠡ
ᠬᠤᠷᠤᠭᠤᠨ ᠤ ᠮᠢᠨᠢ ᠭᠡ ᠶᠢ ᠵᠢᠷᠤᠵᠤ ᠭᠦᠶᠤᠨ᠎ᠡ
ᠠᠭᠤᠯᠠᠨ ᠳᠤ ᠪᠠᠯᠴᠢᠭᠦ ᠰᠦᠷᠦᠭ᠌ ᠭᠦᠷᠳᠡᠯ᠎ᠡ
ᠭᠢᠮᠤᠰᠤᠨ ᠤ ᠮᠢᠨᠢ ᠡᠩᠭᠡᠷ ᠲᠤ ᠴᠡᠴᠡᠭ᠍ᠯᠡᠵᠤ ᠨᠡᠭᠦᠨ᠎ᠡ
ᠰᠦᠮᠪᠤᠨ ᠬᠤᠷᠤᠭᠤᠨ ᠤ ᠡᠷᠳᠡᠮ ᠵᠢᠠᠷ
ᠳᠠᠩᠨᠠᠢ ᠭᠦᠷᠦᠭᠦ ᠨᠢ ᠣᠷᠠᠨ
ᠰᠡᠭᠦᠳᠡᠷ ᠲᠡᠶ ᠳᠠᠭᠤᠨ ᠤ ᠠᠶᠠᠯᠭᠤ ᠶᠢ
ᠰᠤᠯᠠᠭᠠᠢ ᠪᠠᠷ ᠨᠡᠷᠡᠯᠡᠭᠦ ᠨᠢ ᠣᠶᠠᠨ
ᠵᠢᠷᠦᠭᠡᠨ ᠤ ᠭᠡᠯᠡ ᠲᠡᠶ ᠭᠠᠷ ᠤᠨ ᠰᠠᠴᠤᠯᠢ ᠶᠢ
ᠳᠤᠶᠠᠭ᠎ᠠ ᠪᠠᠷ ᠢᠨᠢᠶᠡᠯᠭᠡᠭᠦ ᠨᠢ ᠭᠡᠭᠡᠮᠰᠦᠭ᠌
ᠵᠡᠭᠦᠳᠤᠨ ᠤ ᠮᠦᠷ ᠲᠡᠶ ᠭᠦᠮᠤᠨ ᠤ ᠠᠮᠢᠳᠤᠷᠠᠯ ᠢ
ᠭᠦᠰᠡᠯᠡᠩ ᠲᠡᠶ ᠭᠠᠷᠳᠠᠬᠤ ᠨᠢ ᠷᠤᠮᠠᠠᠲ᠋ᠢᠭ
ᠪᠦᠯᠳᠡᠢ᠌ᠭ᠍ᠰᠡᠨ ᠬᠠᠷᠠᠴᠠ ᠪᠠᠷ
ᠭᠠᠷ ᠭᠤᠷᠢᠳᠠᠭᠰᠠᠨ ᠬᠡᠦᠬᠡᠳ ᠭᠡᠨᠡᠨ
ᠪᠦᠯᠢᠶᠡᠨ ᠰᠥ᠋ ᠨᠢ ᠴᠢᠨᠤᠷᠠᠵᠤ
ᠭᠠᠷ ᠡᠴᠠ ᠬᠠᠷᠢᠭᠤ ᠡᠷᠢᠭ᠍ᠰᠡᠨ ᠪᠦᠰᠡᠭᠦᠢ ᠴᠠᠢ᠌ᠯᠭᠠᠨ
ᠡᠪᠦᠯ ᠬᠤᠨᠢᠨ ᠤ ᠬᠡᠦᠬᠡᠳ ᠤᠨ ᠭᠠᠷ ᠭᠡᠵᠢᠶᠡᠳᠡ ᠪᠠᠭᠡᠷᠡᠩᠭᠡᠢ
ᠥᠡᠳᠡᠢ᠌ᠭᠦ ᠨᠠᠷᠠ ᠶᠢ ᠳᠦᠰᠢᠭᠦ ᠨᠢᠯᠬ᠎ᠠ ᠨᠤᠭᠤᠭᠠᠨ ᠤ ᠭᠠᠷ ᠳᠠᠩᠳᠠ ᠭᠦᠯᠴᠢᠩᠭᠡᠢ
ᠭᠢᠯᠢᠩ ᠳᠦᠭᠦᠷᠦᠭ᠍ᠰᠡᠨ ᠳᠡᠯᠡᠭᠡᠢ ᠶᠢᠨ ᠬᠠᠴᠠᠷ ᠳᠡᠭᠡᠷ᠎ᠡ
ᠭᠡᠩᠰᠢᠭᠦᠷᠡᠳᠡᠯᠡ ᠪᠠᠭᠤᠭᠰᠠᠨ ᠴᠢᠩᠭᠢᠰ ᠤᠨ ᠠᠯᠠᠭᠠᠨ ᠬᠠᠳᠠᠵᠢᠭᠰᠠᠨ
᠊ᠭ᠍ᠭᠢᠪ ᠳᠤᠷᠭ᠎ᠠ ᠰᠢᠭ ᠰᠠᠷᠠᠨ ᠤ ᠴᠢᠷᠠᠢ ᠳᠡᠭᠡᠷ᠎ᠡ
ᠳᠠᠭᠠᠯᠠᠵᠤ ᠠᠷᠴᠢᠭᠰᠠᠨ ᠭᠦᠮᠤᠨ ᠤ ᠭᠠᠷ ᠳᠤᠮᠤᠭ ᠪᠠᠰᠤᠵᠤ ᠬᠠᠳᠠᠭᠠᠨᠠᠭᠰᠠᠨ
ᠭᠡᠵᠢᠶ᠎ᠡ ᠨᠢᠭᠡ ᠣᠴᠠᠷᠠᠬᠤ ᠳ᠋ᠤ
ᠬᠠᠯᠠᠭᠤᠨ ᠭᠠᠷ ᠠᠳᠬᠤᠵᠤ ᠪᠠᠶᠠᠰᠬᠤ ᠦᠶ᠎ᠡ ᠰᠠᠢ᠌ᠬᠠᠨ
ᠭᠡᠮᠵᠢᠶ᠎ᠡ ᠲᠡᠶ ᠨᠠᠰᠤ ᠶᠢ ᠴᠢᠮᠭᠢ ᠴᠢᠮᠭᠢ ᠪᠠᠷ
ᠳᠠᠰᠤᠯᠵᠤ ᠳᠠᠭᠤᠰᠬᠤ ᠴᠠᠭ ᠤᠨ ᠭᠠᠷ ᠬᠠᠯᠠᠳᠠᠢ
ᠭᠠᠵᠠᠷ ᠳᠡᠭ᠍ᠷᠢ ᠶᠢ ᠬᠠᠪᠰᠤᠷᠴᠤ
ᠠᠯᠠᠭ᠎ᠠ ᠵᠠᠯᠪᠢᠷᠠᠬᠤ ᠨᠢ ᠰᠥᠵᠦᠭ᠍ᠳᠡᠢ
ᠭᠠᠯᠪᠠ ᠶᠢᠷᠳᠢᠠᠴᠤ ᠶᠢ ᠨᠢᠷᠭᠡᠵᠤ
ᠴᠦᠮᠦ (ᠴᠦᠮ᠎ᠡ) ᠨᠢᠳᠤᠷᠭᠠᠳᠤᠬᠤ ᠨᠢ ᠠᠶᠤᠮᠰᠢᠭᠳᠠᠢ︕
ᠶᠢᠰᠤᠨ ᠳᠡᠭ᠍ᠷᠢ ᠶᠢᠨ ᠵᠠᠮ ᠡᠷᠭᠢᠭ᠍ᠰᠡᠨ
ᠬᠤᠷᠤᠭᠤᠨ ᠤ ᠥᠡᠳᠡᠭᠡᠨ ᠠᠭᠤᠯᠠ ᠣᠰᠤ ᠳᠠᠢ
ᠶᠢᠷᠳᠢᠠᠴᠤ ᠶᠢᠨ ᠵᠠᠶᠠᠭ᠎ᠠ ᠳᠤᠷᠠᠢ᠌ᠭᠰᠠᠨ
ᠭᠦᠮᠤᠨ ᠤ ᠠᠯᠠᠭᠠᠨ ᠪᠣᠷᠬᠠᠨ ᠲᠦᠯᠭᠡ ᠳᠠᠢ
ᠣᠰᠤᠨ ᠳᠡᠭᠡᠷ᠎ᠡ ᠣᠨᠠᠭᠰᠠᠨ ᠳᠤᠰᠤᠯ ᠭᠦᠷᠳᠡᠯ᠎ᠡ
ᠬᠤᠷᠤᠭᠤᠨ ᠤ ᠮᠢᠨᠢ ᠭᠡᠭᠡ ᠶᠢ ᠵᠢᠷᠤᠵᠤ ᠭᠦᠶᠤᠨ᠎ᠡ
ᠠᠭᠤᠯᠠᠨ ᠳᠤ ᠪᠠᠯᠴᠢᠭᠦ ᠰᠦᠷᠦᠭ᠌ ᠭᠦᠷᠳᠡᠯ᠎ᠡ
ᠭᠢᠮᠤᠰᠤᠨ ᠤ ᠮᠢᠨᠢ ᠡᠩᠭᠡᠷ ᠲᠤ ᠴᠡᠴᠡᠭ᠍ᠯᠡᠵᠤ ᠨᠡᠭᠦᠨ᠎ᠡ
ᠪᠠᠶᠠᠨ ᠤ ᠡᠷᠭᠡᠳᠡᠨ
ᠪᠢᠯᠢᠭ᠌ ᠣᠬᠠᠭᠠᠨ ᠤ ᠭᠠᠢ᠌ᠬᠠᠮᠰᠢᠭ
ᠭᠠᠷ ᠁
ᠵᠤᠬᠢᠶᠠᠭᠴᠢ ᠶᠢᠨ ᠬᠠᠶᠢᠭ ᠄ ᠳᠡᠯᠡᠭᠡᠢ ᠬᠤᠳᠠ
ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 03 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ