☆ ᠨᠠᠮᠵᠢᠯ ᠤᠨ ᠮᠥᠩᠭᠡᠪᠠᠶᠡᠷ
ᠪᠣᠯᠵᠤᠭᠠᠨ ᠤ ᠰᠠᠢ᠌ᠬᠠᠨ ᠪᠦᠰᠡᠭᠦᠢ
᠊᠊᠊᠊᠊᠊᠊᠊᠊᠊᠊᠊᠊᠊᠊ ᠨᠠᠷᠠᠠᠲ᠋ᠤᠤᠯᠠ ᠳ᠋ᠤ
ᠠᠭᠤᠯᠠᠨ ᠣᠷᠤᠢ ᠶᠢᠨ ᠮᠠᠨᠠᠨ ᠳᠡᠭ᠍ᠳᠡᠭᠦ ᠪᠠᠨ ᠮᠠᠷᠳᠠᠨ᠎ᠠ
ᠦᠷᠢᠯ ᠤᠨ ᠵᠢᠮᠢᠰ ᠪᠣᠯᠠᠬᠤ ᠪᠠᠨ ᠮᠠᠷᠳᠠᠨ᠎ᠠ
ᠥᠩᠭᠡ ᠶᠢᠨ ᠣᠯᠠᠨ ᠡᠷᠪᠠᠭᠡᠢ ᠴᠡᠴᠡᠭ᠌ ᠲᠤ ᠰᠠᠭᠤᠬᠤ ᠪᠠᠨ ᠮᠠᠷᠳᠠᠨ᠎ᠠ
ᠦᠪᠡᠷ ᠶᠢᠡᠨ ᠪᠢ ᠯᠠ ᠴᠢᠮ᠎ᠠ ᠶᠢ ᠬᠠᠷᠠᠵᠤ ᠵᠢᠷᠭᠠᠨ᠎ᠠ
ᠨᠠᠷᠠ ᠣᠨᠠᠬᠤ ᠪᠠᠨ ᠮᠠᠷᠳᠠᠨ᠎ᠠ
ᠨᠠᠭᠤᠷ ᠤᠨ ᠬᠤᠤᠰ ᠬᠤᠨ ᠡᠭᠦᠷ ᠲᠤ ᠪᠠᠨ ᠬᠠᠷᠢᠬᠤ ᠪᠠᠨ ᠮᠠᠷᠳᠠᠨ᠎ᠠ
ᠥᠷᠭᠡᠨ ᠳᠤᠤᠯᠠ ᠶᠢᠨ ᠣᠰᠤ ᠠᠮᠢᠰᠬᠤᠭ᠎ᠠ ᠪᠠᠨ ᠳᠠᠷᠤᠨ ᠮᠠᠯᠮᠠᠯᠵᠠᠨ᠎ᠠ
ᠦᠪᠡᠷ ᠤᠨ ᠡᠷᠭᠡ ᠦᠭᠡᠶ ᠪᠢ ᠴᠢᠨᠤ ᠰᠠᠢ᠌ᠬᠠᠨ ᠳᠤ ᠰᠤᠭᠳᠤᠨ᠎ᠠ
ᠨᠠᠷᠠ ᠵᠠᠪᠳᠤᠵᠤ ᠵᠤᠯᠠᠢ ᠳᠤ ᠴᠢᠨᠢ ᠦᠨᠦᠰᠤᠨ᠎ᠠ
ᠨᠠᠰᠢ ᠪᠠᠨ ᠭᠡᠢ᠌ᠰᠭᠦ ᠰᠠᠯᠭᠢᠨ ᠬᠠᠴᠠᠷ ᠢ ᠴᠢᠨᠢ ᠢᠯᠪᠢᠨ᠎ᠠ
ᠳᠡᠷᠳᠡᠭᠡ ᠭᠤᠪᠢ ᠶᠢᠨ ᠵᠡᠷᠭᠡᠯᠭᠡᠨ ᠳᠠᠪᠠᠯ ᠤᠨ ᠴᠢᠨᠢ ᠥᠩᠭᠡ ᠪᠠᠷ ᠪᠦᠵᠢᠭᠯᠡᠨ᠎ᠡ
ᠳᠡᠩᠳᠡᠭᠦᠤ ᠪᠢ ᠭᠦᠳᠦᠯᠵᠤ ᠴᠢᠳᠠᠬᠤ ᠦᠭᠡᠶ ᠵᠤᠪᠠᠨ᠎ᠠ
ᠪᠣᠯᠵᠤᠭ᠎ᠠ ᠵᠤᠷᠢᠭᠰᠠᠨ ᠪᠦᠰᠡᠭᠦᠢ ᠶᠢᠨ ᠰᠠᠢ᠌ᠬᠠᠨ ᠳ᠋ᠤ
ᠭᠦᠨᠦᠭ᠌ ᠲᠡᠶ ᠰᠥ᠋ ᠨᠢ ᠴᠤ ᠡᠭᠡᠳᠡᠭᠦ ᠪᠠᠨ ᠮᠠᠷᠳᠠᠨ᠎ᠠ
ᠬᠠᠢ᠌ᠷ᠎ᠠ ᠳᠠᠳᠠᠭᠰᠠᠨ ᠮᠣᠢ᠌ᠯ ᠬᠠᠷ᠎ᠠ ᠨᠢᠳᠤᠨ ᠳ᠋ᠤ
ᠬᠠᠯᠠᠭᠤᠨ ᠨᠠᠷᠠ ᠴᠤ ᠢᠯᠴᠢ ᠪᠠᠨ ᠬᠤᠷᠢᠶᠠᠨ ᠠᠭᠤᠯᠠᠨ ᠠᠷᠤ ᠳᠤ ᠣᠷᠤᠨ᠎ᠠ
ᠰᠠᠷᠠᠯ ᠮᠤᠷᠢ ᠲᠡᠶ ᠰᠠᠢ᠌ᠬᠠᠨ ᠪᠦᠰᠡᠭᠦᠢ ᠳᠠᠯ᠎ᠠ ᠪᠠᠨ ᠴᠢᠮᠠᠨ᠎ᠠ
ᠰᠠᠨᠠᠭᠠᠨ ᠤ ᠬᠤᠩᠭ᠋ᠤᠷ ᠲᠤ ᠪᠠᠨ ᠭᠦᠷᠦᠭᠡᠳ ᠯᠠ ᠢᠷᠠᠨ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ