☆ ᠮᠢ᠊·ᠭᠡᠷᠡᠯ
ᠤᠤᠭᠠᠨ ᠬᠠᠢ᠌ᠷ᠎ᠠ ᠶᠢᠨ ᠳᠤᠷᠠᠳᠬᠠᠯ
ᠭᠡᠵᠢᠭᠡ ᠰᠠᠮᠠᠯᠠᠯᠳᠠ ᠶᠢᠨ ᠭᠦᠭᠡᠷᠦᠭᠦᠨ ᠭᠦᠳᠡᠯᠦᠯ ᠴᠢᠨᠢ
ᠭᠡᠨᠡᠨ ᠬᠠᠢ᠌ᠷ᠎ᠠ ᠶᠢᠨ ᠳᠠᠯᠠᠯᠤᠯᠳᠠ ᠳᠤᠭᠢᠶ᠎ᠠ
ᠭᠡᠭᠡᠨ ᠮᠠᠯᠠᠮᠠᠢ ᠶᠢᠨ ᠴᠤ᠋ ᠰᠢᠷᠳᠠᠯᠳᠠ ᠴᠢᠨᠢ
ᠭᠡᠳᠦᠷᠭᠡᠢ ᠬᠠᠢ᠌ᠷ᠎ᠠ ᠶᠢᠨ ᠳᠤᠰᠢᠶᠠᠯᠳᠠ ᠳᠤᠭᠢᠶ᠎ᠠ
ᠢᠷᠠᠯᠵᠠᠬᠤ ᠴᠡᠴᠡᠭ᠌ ᠤᠨ ᠭᠦᠷᠢᠶᠡᠯᠡᠩ
ᠢᠨᠠᠭ ᠬᠠᠢ᠌ᠷ᠎ᠠ ᠶᠢᠨ ᠬᠠᠷᠭᠤᠢ
ᠣᠶᠠᠨ ᠣᠷᠤᠭᠤᠯ᠂ ᠣᠷᠤᠰᠬᠠᠯ ᠥᠭᠡ ᠴᠢᠨᠢ
ᠣᠠᠳᠤᠷᠤᠠᠬᠤ ᠪᠣᠯᠠᠭ ᠤᠨ ᠱᠤᠤᠭᠢᠶᠠᠨ
ᠣᠷᠠᠯᠠᠵᠤ ᠪᠦᠵᠢᠭᠯᠡᠭᠦ᠂ ᠦᠰᠦᠷᠠᠨ ᠳᠡᠭ᠍ᠳᠡᠭᠦ ᠴᠢᠨᠢ
ᠣᠷᠠᠨ ᠬᠠᠷᠢᠶᠠᠴᠠᠢ ᠶᠢᠨ ᠬᠠᠯᠢᠯᠳᠠ᠂ ᠨᠢᠰᠤᠯᠳᠠ
ᠥᠯᠢᠶᠡᠭᠦ ᠰᠠᠯᠭᠢᠨ ᠤ ᠰᠡᠯᠡᠭᠦᠨ ᠵᠠᠢ
ᠥᠶᠡᠷᠭᠡᠵᠤ ᠳᠤᠭᠯᠠᠬᠤ ᠶᠢᠨ ᠲᠤᠬᠢᠶᠠᠯ
ᠬᠠᠨᠢ ᠭᠡᠳᠡᠭ᠌ ᠤᠨ ᠰᠢᠯᠤᠭᠤᠨ ᠪᠣᠳᠤᠯ ᠴᠢᠨᠢ
ᠬᠠᠷᠪᠤᠨ ᠭᠠᠷᠬᠤ ᠫᠣᠤ ᠶᠢᠨ ᠰᠤᠮᠤ ᠰᠢᠭ
ᠬᠠᠢ᠌ᠷ᠎ᠠ ᠭᠡᠳᠡᠭ᠌ ᠤᠨ ᠦᠨᠡᠠᠴᠢ ᠰᠡᠳᠭᠢᠯ ᠴᠢᠨᠢ
ᠬᠠᠢ᠌ᠷᠠᠬᠠᠨ ᠰᠠᠷᠢᠳᠠᠭ ᠤᠨ ᠨᠦᠮᠦᠷᠢ ᠶᠢᠨ ᠭᠤᠤᠯ ᠰᠢᠭ
ᠠᠮᠠᠷᠠᠭ ᠤᠨ ᠪᠣᠯᠵᠤᠭᠠᠨ ᠴᠠᠭ
ᠠᠷᠢᠭᠤᠨ ᠰᠡᠳᠭᠢᠯ ᠤᠨ ᠬᠤᠩᠬᠤ
ᠠᠮᠢᠳᠤᠷᠠᠯ ᠭᠡᠰᠡᠨ ᠪᠣᠳᠠᠳᠤ ᠰᠠᠳᠤᠪ ᠳᠤ
ᠠᠮᠢ ᠪᠠᠨ ᠳᠤᠰᠢᠶᠠᠬᠤ ᠵᠦᠪ ᠬᠠᠷᠢᠭᠤᠯᠳᠠ ᠳᠠᠢ
ᠠᠵᠢᠯ ᠭᠡᠰᠡᠨ ᠢᠷᠠᠭᠤ ᠣᠢ᠌ᠯᠠᠰ ᠳᠤ
ᠠᠯᠳᠠᠷ ᠶᠢᠡᠨ ᠮᠠᠳᠤᠭᠤᠯᠬᠤ ᠪᠠᠷᠳᠠᠮ ᠭᠦᠰᠡᠯ ᠳᠠᠢ
ᠠᠯᠳᠠᠨ ᠬᠤᠷᠸ᠎ᠠ ᠶᠢᠨ ᠪᠠᠶᠠᠨ ᠠᠮᠢᠳᠤᠷᠠᠯ ᠳ᠋ᠠᠭᠢ
ᠠᠮᠢᠨ ᠰᠠᠭᠢᠭᠤᠯ ᠠᠮᠠᠷᠠᠭ ᠨᠠᠢ᠌ᠵᠠ ᠮᠢᠨᠢ
ᠵᠤᠬᠢᠶᠠᠭᠴᠢ ᠶᠢᠨ ᠬᠠᠶᠢᠭ ᠄ ᠪᠠᠷᠠᠭᠤᠨ ᠰᠦᠨᠢᠳ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2010 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ