ᠨᠡᠪᠲᠡᠷᠡᠨ ᠤᠷᠤᠬᠤ
ᠡᠭᠡ ᠶᠢᠨ ᠰᠥ᠋

ᠡᠷᠢᠶᠡᠨ ᠬᠤᠷᠸ᠎ᠠ ᠶᠢ ᠴᠠᠭᠠᠨ ᠪᠣᠯᠭᠠᠬᠤ ᠭᠡᠮᠡᠨ

ᠡᠮᠧ ᠮᠢᠨᠢ ᠨᠢᠳᠤᠨ ᠳᠤ ᠰᠥ᠋ ᠳᠤᠰᠤᠭᠠᠪᠠ

ᠡᠪᠦᠷ ᠳᠡᠭᠡᠷ᠎ᠡ ᠨᠢ ᠳᠤᠭᠵᠢᠷᠠᠨ ᠣᠠᠳᠠᠬᠤ ᠳᠤ

ᠪᠦᠦᠪᠠᠢ ᠶᠢᠨ ᠳᠠᠭᠤᠤ ᠡᠴᠡ ᠰᠥ᠋ ᠠᠰᠠᠭᠷᠠᠪᠠ

ᠢᠰᠡᠭᠡᠢ ᠳᠡᠭᠡᠷ᠎ᠡ ᠪᠠᠨ ᠭᠦᠯ ᠳᠤ ᠣᠷᠤᠨ ᠪᠦᠳᠦᠴᠢᠭᠡᠭᠦ ᠳᠤ

ᠰᠠᠤᠠᠭᠢᠯ ᠤᠨ ᠰᠦ᠋ ᠪᠠᠷ ᠳᠦᠰᠢᠭ᠍ᠰᠡᠨ

ᠦᠷ ᠰᠦᠨᠢ ᠪᠠᠷ ᠥᠨᠡᠭᠡᠴᠢᠯᠡᠨ ᠣᠭᠢᠯᠠᠬᠤ ᠳᠤ

ᠰᠦᠨ ᠭᠡᠷᠡᠯ ᠶᠢᠡᠷ ᠠᠷᠭᠠᠳᠠᠭᠰᠠᠨ

ᠠᠢ ᠭᠦᠭᠡᠷᠦᠭᠡᠢ︕   ᠡᠮᠧ ᠮᠢᠨᠢ

ᠴᠢᠮᠢ᠋ᠢ ᠰᠠᠨᠠᠨ ᠭᠦᠮᠤᠨ ᠤ ᠨᠤᠳᠤᠭ ᠲᠤ ᠰᠠᠭᠤᠬᠤᠯᠠᠷ

ᠴᠠᠭᠠᠨ ᠡᠭᠦᠯᠡᠰ ᠨᠢᠳᠤᠨ ᠳᠤ ᠰᠥ᠋ ᠰᠢᠭ᠌ ᠪᠦᠷᠦᠯᠵᠡᠨ᠎ᠡ

ᠴᠠᠭᠠᠨ ᠭᠢᠷᠠᠭᠤ ᠰᠠᠠᠴᠢᠭ ᠲᠤ ᠴᠢᠨᠢ ᠪᠠᠭᠤᠬᠤ ᠳᠤ

ᠴᠠᠢ᠌ᠯᠭᠠᠨ  ᠪᠠᠭ᠎ᠠ ᠳᠠᠭᠠᠨ

ᠰᠦᠨ ᠴᠡᠴᠡᠭ᠌ ᠳᠠᠰᠤᠳᠠᠭᠰᠠᠨ ᠡᠴᠡ ᠪᠣᠯᠪᠠᠤ ᠭᠡᠭᠦ ᠡᠴᠡ

ᠰᠦᠨᠢ ᠶᠢᠨ ᠵᠡᠭᠦᠳᠤᠨ ᠳᠤ

ᠪᠠᠭᠤᠴᠠ ᠳᠠᠭᠠᠨ ᠰᠦᠨ ᠴᠡᠴᠡᠭ᠌ ᠪᠣᠯᠵᠤ ᠣᠷᠭᠤᠨ᠎ᠠ ᠪᠢ

ᠡᠭᠡᠯᠢᠳᠡᠢ ᠨᠤᠳᠤᠭ ᠤᠨ ᠮᠢᠨᠢ ᠴᠡᠴᠡᠭ᠌ ᠨᠢ ᠭᠦᠷᠳᠡᠯ᠎ᠡ

ᠰᠦᠨ ᠠᠮᠢ ᠲᠡᠶ ᠶᠢ ᠪᠣᠳᠤᠬᠤᠯᠠᠷ

ᠡᠵᠢ᠂   ᠨᠤᠲᠤᠭ ᠬᠤᠶᠠᠷ ᠲᠤ ᠪᠠᠨ

ᠮᠥᠦᠡᠭᠡᠨ ᠣᠴᠢᠮᠠᠷ ᠶᠠᠭᠠᠷᠠᠨ᠎ᠠ

ᠮᠥᠷᠦᠭᠡᠳᠦᠯᠳᠤ ᠨᠤᠳᠤᠭ ᠲᠡᠶ ᠭᠦᠢ ᠶᠢ ᠪᠣᠯᠵᠤ ᠠᠷᠭᠠᠮᠵᠢᠭᠰᠠᠨ

ᠮᠥᠩᠭᠡ ᠶᠢᠨ ᠰᠦᠨ ᠠᠷᠭᠠᠮᠵᠢᠶ᠎ᠠ

ᠮᠢᠨᠤ ᠭᠦᠭᠡᠷᠦᠭᠦᠢ ᠡᠵᠢ

ᠵᠤᠬᠢᠶᠠᠭᠴᠢ᠄ ᠳᠦᠷᠪᠡᠳ ᠡᠷᠳᠡᠨᠢᠪᠠᠶᠡᠷ
ᠢᠷᠡᠯᠲᠡ᠄ ᠰᠠᠮᠪᠠᠷ᠎ᠠ
ᠬᠠᠷᠢᠶ᠎ᠠ᠄ ᠰᠢᠯᠦᠭ
ᠳᠠᠷᠤᠮ᠄ 5897
ᠴᠠᠭ᠄ 2007 ᠤᠨ ᠤ 09 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ