☆ ᠰᠠᠮᠪᠠᠯᠨᠤᠷᠪᠤ
ᠵᠠᠷᠤᠳ ᠰᠤᠶᠤᠯ ᠤᠨ ᠬᠠᠨᠳᠤᠰᠢ
《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠳᠡᠭᠦᠪᠦᠷᠢ ᠶᠢ ᠰᠤᠨᠢᠷᠬᠠᠭᠰᠠᠨ ᠳᠡᠮᠳᠡᠭᠯᠡᠯ
ᠬᠤᠭᠤᠷ ᠤᠨ ᠥᠯᠢᠭᠡᠷ ᠤᠨ ᠭᠤᠯᠤᠮᠳᠠ᠂ ᠬᠤᠭᠤᠷᠴᠢ ᠶᠢᠨ ᠥᠯᠦᠭᠡᠢ ᠵᠠᠷᠤᠳ ᠨᠤᠳᠤᠭ ᠪᠣᠯ ᠮᠤᠩᠭ᠋ᠤᠯ ᠰᠤᠶᠤᠯ ᠣᠷᠠᠯᠢᠭ ᠢ ᠭᠦᠭ᠍ᠵᠢᠭᠦᠯᠦᠭ᠍ᠰᠡᠨ ᠳᠡᠦᠭᠡ ᠲᠡᠶ ᠪᠦᠭᠡᠤᠨ ᠮᠤᠩᠭ᠋ᠤᠯ ᠰᠤᠶᠤᠯ ᠤᠨ ᠦᠪ ᠭᠦᠷᠦᠩᠭᠡ ᠪᠠᠨ ᠪᠠᠷᠢᠮᠳᠠᠯᠠᠵᠤ ᠢᠷᠡᠭ᠍ᠰᠡᠨ ᠬᠤᠰᠢᠭᠤ ᠨᠤᠳᠤᠭ ᠪᠣᠯᠬᠤ ᠶᠤᠮ᠃ ᠵᠠᠷᠤᠳ ᠨᠤᠳᠤᠭ ᠡᠴᠡ ᠠᠯᠳᠠᠷᠳᠤ ᠴᠤᠭᠤᠷᠴᠢ᠂ ᠬᠤᠯᠪᠣᠭᠠᠴᠢᠨ᠂ ᠥᠯᠢᠭᠡᠷᠴᠢ᠂ ᠳᠠᠭᠤᠴᠢᠨ ᠪᠠ ᠢᠷᠦᠭᠡᠯᠴᠢ ᠮᠠᠭᠳᠠᠭᠠᠯᠴᠢ᠂ ᠪᠠᠰᠠ ᠣᠷᠠᠨ ᠳᠠᠷᠬᠠᠴᠤᠳ ᠦᠶ᠎ᠡ ᠦᠶ᠎ᠡ ᠢᠯᠡᠷᠡᠭ᠍ᠰᠡᠨ ᠣᠳᠤᠮ ᠲᠡᠶ ᠣᠷᠤᠨ᠂ ᠠᠵᠤ ᠠᠮᠢᠳᠤᠷᠠᠯ ᠨᠢ ᠴᠤ ᠠᠭᠤᠯᠠ ᠲᠡᠶ ᠣᠰᠤ ᠲᠡᠶ᠂ ᠠᠭᠤᠳᠠᠮ ᠳᠡᠨᠢᠭᠡᠷ ᠳᠠᠯ᠎ᠠ ᠨᠤᠳᠤᠭ ᠲᠡᠶ ᠠᠳᠤᠭᠤ ᠮᠠᠯ ᠶᠢᠡᠷ ᠪᠠᠶᠠᠯᠢᠭ᠂ ᠠᠩ ᠭᠦᠷᠦᠭᠡ ᠪᠠᠷ ᠡᠯᠪᠠᠭ᠌᠂ ᠪᠣᠯᠪᠰᠤᠨ ᠰᠤᠶᠤᠯ ᠲᠡᠶ ᠮᠤᠩᠭ᠋ᠤᠯ ᠣᠷᠤᠨ ᠪᠣᠯᠬᠤ ᠰᠠᠨ᠃ ᠶᠠᠬ ᠡᠨᠡᠭᠦ ᠰᠤᠶᠤᠯ ᠣᠷᠠᠯᠢᠭ ᠤᠨ ᠡᠯᠪᠠᠭ᠌ ᠪᠠᠶᠠᠯᠢᠭ ᠭᠦᠷᠦᠰᠤᠨ ᠳᠤ ᠭᠦᠮᠦᠵᠢᠭ᠍ᠳᠡᠨ ᠪᠣᠢ᠌ᠵᠢᠭᠰᠠᠨ ᠮᠤᠩᠭ᠋ᠤᠯ ᠪᠦᠰᠡᠭᠦᠢ ᠰᠠᠷᠵᠢᠮ᠎ᠠ ᠨᠥᠭᠦᠷ ᠡᠴᠡ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠳᠡᠭᠦᠪᠦᠷᠢ ᠪᠠᠨ 2005 ᠣᠨ ᠤ 10 ᠰᠠᠷ᠎ᠠ ᠳᠤ ᠦᠨᠳᠦᠰᠦᠳᠠᠨ ᠤ ᠭᠡᠪᠯᠡᠯ ᠤᠨ ᠬᠤᠷᠢᠶ᠎ᠠ ᠡᠴᠡ ᠵᠢᠩᠭᠢᠨᠢ ᠪᠠᠷ ᠭᠡᠪᠯᠡᠭᠦᠯᠦᠭ᠍ᠰᠡᠨ ᠪᠠᠢ᠌ᠨ᠎ᠠ᠃ ᠡᠨᠡᠭᠦ ᠣᠢ᠌ᠯᠠ ᠠᠵᠢᠯᠯᠠᠭ᠎ᠠ ᠨᠢ ᠦᠨᠳᠦᠰᠦᠳᠠᠨ ᠤ ᠰᠤᠶᠤᠯ ᠣᠷᠠᠯᠢᠭ᠂ ᠣᠶᠤᠳᠠᠯ ᠣᠷᠠᠯᠠᠯ ᠳᠤ ᠵᠤᠭᠢᠬᠤ ᠭᠡᠮᠵᠢᠶᠡᠨ ᠤ ᠨᠥᠯᠦᠭᠡ ᠳᠤᠰᠬᠠᠯ ᠥᠵᠡᠭᠦᠯᠦᠭ᠍ᠰᠡᠨ ᠮᠥᠷᠳᠡᠭᠡᠨ ᠮᠤᠩᠭ᠋ᠤᠯ ᠦᠨᠳᠦᠰᠦᠳᠠᠨ ᠤ ᠬᠤᠪᠴᠠᠰᠤ ᠵᠠᠰᠠᠯ ᠤᠨ ᠰᠤᠶᠤᠯ ᠢ ᠰᠤᠳᠤᠯᠬᠤ ᠳᠤ ᠴᠢᠬᠤᠯᠠ ᠨᠢᠭᠡ ᠣᠢ᠌ᠯᠠᠳᠤᠯ ᠥᠵᠡᠭᠦᠯᠭᠦ ᠬᠤᠪᠣᠷ ᠨᠠᠠᠳᠢᠨ ᠣᠶᠤᠳᠠᠯ ᠣᠷᠠᠯᠠᠯ ᠤᠨ ᠦᠪ ᠭᠦᠷᠦᠩᠭᠡ ᠪᠣᠯᠤᠨ᠎ᠠ᠃ ᠡᠢ᠌ᠮᠦᠷᠭᠦ ᠣᠶᠤᠳᠠᠯ ᠣᠷᠠᠯᠠᠯ ᠤᠨ ᠦᠪ ᠭᠦᠷᠦᠩᠭᠡ ᠶᠢ ᠰᠤᠳᠤᠯᠬᠤ ᠳᠤ ᠬᠠᠮᠤᠭ ᠳᠡᠷᠢᠭᠦᠨ ᠳᠤ ᠭᠠᠵᠠᠷ ᠵᠦᠢ᠌᠂ ᠳᠡᠦᠭᠡᠳᠤ ᠣᠷᠴᠢᠨ ᠠᠬᠤᠢ ᠡᠴᠡ ᠰᠢᠡᠵᠢᠭᠦ ᠴᠢᠬᠤᠯᠠᠳᠠᠢ᠃
ᠨᠢᠭᠡ᠂ ᠵᠠᠷᠤᠳ ᠮᠤᠩᠭ᠋ᠤᠯ ᠤᠨ ᠳᠡᠦᠭᠡᠳᠤ ᠪᠠᠢ᠌ᠳᠠᠯ
ᠮᠤᠩᠭ᠋ᠤᠯᠴᠤᠳ ᠪᠣᠯ ᠠᠭᠳᠠ ᠶᠢᠨ ᠳᠤᠭᠤᠷᠠᠢ ᠪᠠᠷ ᠳᠡᠯᠡᠭᠡᠢ ᠶᠢᠨ ᠳᠠᠪᠴᠠᠩ ᠢ ᠳᠤᠩᠰᠤᠯᠭᠠᠭᠰᠠᠨ ᠠᠪᠣᠷᠭᠤ ᠶᠡᠭᠡ ᠦᠨᠳᠦᠰᠦᠳᠠᠨ ᠮᠦᠨ᠃ ᠳᠡᠦᠭᠡ ᠰᠤᠳᠤᠷ ᠢ ᠣᠷᠪᠠᠭᠤᠯᠪᠠᠯ᠂ ᠮᠤᠩᠭ᠋ᠤᠯ ᠦᠨᠳᠦᠰᠦᠳᠠᠨ ᠨᠠᠢ᠌ᠳᠠ ᠶᠢᠨ ᠣᠨ ᠳᠤᠭᠠᠯᠠᠯ ᠤᠨ 5-6 ᠵᠠᠭᠤᠨ ᠤ ᠦᠶ᠎ᠡ ᠪᠠᠷ ᠢᠭᠴᠢ ᠰᠠᠬᠤᠯᠠᠭ ᠣᠢ ᠳᠤ ᠠᠩ ᠭᠦᠷᠦᠭᠡᠯᠡᠨ ᠠᠮᠢᠳᠤᠷᠠᠵᠤ ᠪᠠᠢ᠌ᠭᠰᠠᠨ ᠡᠴᠡ ᠪᠠᠨ ᠨᠢ᠋ᠮᠠᠳᠤᠭᠠᠷ ᠵᠠᠭᠤᠨ ᠤ ᠳᠤᠮᠳᠠᠴᠢ ᠪᠠᠷ ᠪᠠᠷᠠᠭᠤᠠᠰᠢ ᠨᠡᠭᠦᠳᠡᠯᠯᠡᠨ ᠶᠠᠪᠣᠭᠰᠠᠨ ᠡᠴᠡ ᠨᠡᠭᠦᠳᠡᠯᠴᠢᠨ ᠦᠨᠳᠦᠰᠦᠳᠠᠨ ᠠᠯᠳᠠᠷᠰᠢᠭᠠᠤᠨ᠂ ᠮᠠᠯᠵᠢᠬᠤ ᠰᠤᠶᠤᠯ ᠤᠨ ᠭᠦᠭ᠍ᠵᠢᠯᠳᠡ ᠳᠤ ᠳᠠᠪᠰᠢᠨ ᠣᠷᠤᠭᠰᠠᠨ ᠳᠡᠦᠭᠡ ᠲᠡᠶ ᠪᠢᠯᠠ᠃ 13 ᠳ᠋ᠤᠭᠠᠷ ᠵᠠᠭᠤᠨ ᠤ ᠡᠭᠢ ᠪᠠᠷ ᠴᠢᠩᠭᠢᠰ ᠬᠠᠭᠠᠨ ᠪᠦᠭᠦ ᠮᠤᠩᠭ᠋ᠤᠯ ᠤᠨ ᠥᠡᠳᠦᠷᠯᠢᠭ᠌ ᠢ ᠨᠢᠭᠡᠳᠭᠡᠨ᠂ ᠥᠷᠭᠡᠨ ᠠᠭᠤᠳᠠᠮ ᠳᠠᠯ᠎ᠠ ᠨᠤᠳᠤᠭ ᠢ ᠡᠵᠡᠯᠡᠨ ᠰᠠᠭᠤᠷᠢᠰᠢᠭᠠᠤᠨ ᠰᠥᠷᠦᠭ᠌ ᠮᠠᠯ ᠶᠢᠡᠨ ᠥᠷᠡᠵᠢᠭᠦᠯᠵᠤ᠂ ᠮᠠᠯ ᠠᠵᠤ ᠠᠬᠤᠢ ᠪᠠᠨ ᠪᠠᠭᠢᠵᠢᠭᠦᠯᠤᠨ ᠣᠯᠠᠨ ᠦᠨᠳᠦᠰᠦᠳᠠᠨ ᠶᠠᠰᠤᠳᠠᠨ ᠢ ᠨᠢᠭᠡᠳᠭᠡᠨ ᠪᠠᠢ᠌ᠭᠤᠯᠵᠤ᠂ ᠠᠽᠢᠶ᠎ᠠ᠂ ᠧᠥᠷᠦᠫᠡ ᠬᠤᠶᠠᠷ ᠳᠢᠪ ᠢ ᠭᠦᠡᠳᠡᠯᠢᠳᠦᠭ᠍ᠰᠡᠨ ᠠᠪᠣᠷᠭᠤ ᠦᠨᠳᠦᠰᠦᠳᠠᠨ ᠪᠣᠯᠵᠤ ᠪᠣᠢ᠌ᠵᠢᠨ ᠮᠠᠠᠳᠤᠭᠠᠤᠨ ᠳᠡᠯᠡᠭᠡᠢ ᠶᠢᠨ ᠳᠠᠪᠴᠠᠩ ᠳᠤ ᠭᠡᠷᠡᠯ ᠭᠢᠯᠪᠠᠭ᠎ᠠ ᠪᠠᠨ ᠰᠠᠴᠤᠷᠠᠭᠤᠯᠤᠭᠰᠠᠨ ᠰᠤᠶᠤᠯ ᠳᠡᠦᠭᠡ᠂ ᠥᠰᠦᠭ᠌ ᠪᠢᠴᠢᠭ᠌᠂ ᠠᠵᠤ ᠠᠮᠢᠳᠤᠷᠠᠯ ᠤᠨ ᠦᠪᠡᠷᠮᠢᠴᠠ ᠣᠠᠴᠠᠯᠢᠭ ᠲᠡᠶ ᠭᠦᠴᠦᠷᠭᠡᠭ᠌ ᠳᠤᠮᠤ ᠦᠨᠳᠦᠰᠦᠳᠠᠨ ᠪᠣᠢ ᠪᠣᠯᠤᠭᠰᠠᠨ ᠪᠠᠢ᠌ᠨ᠎ᠠ᠃ ᠡᠳᠦᠭᠡ ᠮᠤᠩᠭ᠋ᠤᠯ ᠦᠨᠳᠦᠰᠦᠳᠠᠨ ᠤ ᠪᠦᠳᠦᠭᠡᠨ ᠪᠠᠢ᠌ᠭᠤᠯᠤᠭᠰᠠ ᠮᠠᠯ ᠠᠵᠤ ᠠᠬᠤᠢ ᠶᠢᠨ ᠰᠤᠶᠤᠯ᠂ ᠨᠡᠭᠦᠳᠡᠯᠯᠡᠯ ᠤᠨ ᠰᠤᠶᠤᠯ᠂ ᠮᠤᠷᠢᠨ ᠨᠢᠷᠤᠭᠤᠨ ᠤ ᠰᠤᠶᠤᠯ ᠵᠡᠷᠭᠡ ᠶᠢ ᠰᠤᠶᠤᠯ ᠲᠡᠶ ᠭᠦᠮᠤᠨ ᠪᠦᠭᠦᠨ ᠰᠤᠳᠤᠯᠵᠤ ᠪᠣᠢ᠃ ᠡᠳᠡᠭᠡᠷ ᠰᠤᠶᠤᠯ ᠨᠢ ᠭᠡᠯᠡᠯᠭᠡᠨ ᠦᠭᠡᠶ ᠮᠠᠯ ᠠᠵᠤ ᠠᠬᠤᠢ ᠶᠢᠨ ᠰᠤᠶᠤᠯ ᠤᠨ ᠭᠦᠭ᠍ᠵᠢᠯᠳᠡ ᠶᠢᠨ ᠱᠠᠭᠠᠷᠳᠠᠯᠭ᠎ᠠ ᠡᠴᠡ ᠪᠣᠢ ᠪᠣᠯᠤᠭᠰᠠᠨ ᠭᠦᠮᠤᠨ ᠲᠦᠷᠦᠯᠭᠢᠳᠠᠨ ᠤ ᠨᠡᠢ᠌ᠭᠡᠮ ᠢ ᠣᠷᠤᠭᠰᠢ ᠳᠦᠯᠭᠢᠭ᠍ᠰᠡᠨ ᠪᠠᠰᠠ ᠨᠢᠭᠡ ᠵᠣᠢ᠌ᠯ ᠤᠨ ᠳᠠᠪᠰᠢᠩᠭ᠋ᠤᠢ ᠰᠤᠶᠤᠯ ᠪᠣᠯᠤᠨ᠎ᠠ᠃ ᠮᠤᠩᠭ᠋ᠤᠯ ᠦᠨᠳᠦᠰᠦᠳᠠᠨ ᠨᠡᠭᠦᠳᠡᠯᠯᠡᠨ ᠣᠷᠤᠰᠢᠬᠤ ᠶᠠᠪᠣᠴᠠ ᠳᠠᠭᠠᠨ ᠨᠡᠭᠦᠳᠡᠯᠯᠡᠯ ᠤᠨ ᠰᠤᠶᠤᠯ᠂ ᠣᠷᠠᠯᠠᠯ ᠨᠢ ᠣᠯᠠᠮ ᠲᠦᠪᠯᠡᠷᠠᠰᠢᠵᠤ᠂ ᠠᠢ᠌ᠮᠠᠭ ᠪᠦᠯᠦᠭ᠌᠂ ᠬᠤᠰᠢᠭᠤ ᠨᠢᠭᠡᠴᠡ ᠶᠢᠨ ᠪᠠᠢ᠌ᠳᠠᠯ ᠵᠠᠳᠠᠷᠠᠨ ᠭᠠᠷᠤᠭᠰᠠᠨ ᠨᠢ ᠪᠠᠰᠠᠴᠤ ᠭᠦᠭ᠍ᠵᠢᠯᠳᠡ ᠶᠢᠨ ᠬᠠᠠᠳᠤᠰᠢ ᠪᠣᠯᠬᠤ ᠶᠤᠮ᠃ ᠵᠠᠷᠤᠳ ᠮᠤᠩᠭ᠋ᠤᠯᠴᠤᠳ ᠪᠣᠯ《ᠠᠩᠴᠢᠨ ᠦᠨᠳᠦᠰᠦᠳᠠᠨ》᠂《ᠨᠡᠭᠦᠳᠡᠯᠴᠢᠨ ᠦᠨᠳᠦᠰᠦᠳᠠᠨ》 ᠭᠡᠵᠤ ᠠᠯᠳᠠᠷ ᠨᠠᠷᠠ ᠪᠠᠨ ᠮᠠᠠᠳᠤᠭᠤᠯᠤᠭᠰᠠᠨ ᠦᠨᠳᠦᠰᠦᠳᠠᠨ ᠪᠣᠯᠤᠨ᠎ᠠ᠃ ᠮᠤᠩᠭ᠋ᠤᠯ ᠤᠨ ᠳᠤᠯᠭᠠᠭᠤᠷᠢ ᠪᠢᠴᠢᠭ᠌《ᠨᠢᠭᠤᠴᠠ ᠳᠤᠪᠴᠢᠶᠠᠨ》 ᠳᠤ ᠳᠡᠮᠳᠡᠭᠯᠡᠭ᠍ᠰᠡᠨ ᠮᠠᠳᠤ ᠪᠠᠷ ᠵᠠᠷᠤᠳ ᠮᠤᠩᠭ᠋ᠤᠯᠴᠤᠳ 13 ᠳ᠋ᠤᠭᠠᠷ ᠵᠠᠭᠤᠨ ᠤ ᠡᠭᠢ ᠪᠠᠷ ᠵᠠᠮᠤᠬ᠎ᠠ ᠶᠢᠨ ᠪᠦᠯᠦᠭ᠌ ᠲᠡᠶ ᠬᠤᠷᠰᠢᠵᠤ ᠪᠠᠷᠤᠭᠤᠠᠰᠢ ᠨᠡᠭᠦᠳᠡᠯᠯᠡᠨ ᠴᠢᠩᠭᠢᠰ ᠬᠠᠭᠠᠨ ᠤ ᠲᠦᠷᠦ ᠭᠦᠷᠤᠨ ᠪᠠᠢ᠌ᠭᠤᠯᠬᠤ ᠳᠤ ᠭᠠᠪᠢᠶ᠎ᠠ ᠵᠢᠦᠡᠭᠦᠯ ᠥᠵᠡᠭᠦᠯᠵᠡᠢ᠃
ᠰᠡᠭᠦᠯᠡᠷ ᠨᠢ ᠪᠠᠳᠤ ᠮᠥᠩᠭᠡ ᠳᠠᠶᠠᠨ ᠬᠠᠭᠠᠨ ᠤ ᠣᠮᠪᠣᠯᠤ ᠣᠪᠠᠰᠢ ᠣᠢ᠌ᠵᠢᠩ ᠨᠤᠶᠠᠨ ᠵᠠᠷᠤᠳ ᠨᠤᠳᠤᠭ ᠢ ᠡᠵᠡᠯᠡᠨ ᠰᠠᠭᠤᠭᠠᠤᠨ ᠭᠢᠩᠭ᠋ᠠᠨ ᠨᠢᠷᠤᠭᠤ ᠳᠠᠭᠠᠵᠤ᠂ ᠰᠢᠷᠠᠮᠦᠷᠠᠨ ᠤ ᠬᠣᠢ᠌ᠳᠤ ᠭᠦᠪᠠᠭᠡ᠂ ᠦᠯᠵᠡᠢ᠌ᠮᠦᠷᠠᠨ ᠤ ᠬᠤᠶᠠᠷ ᠬᠠᠪᠢ᠂ ᠬᠤᠤᠯᠢᠨ ᠭᠤᠤᠯ ᠤᠨ ᠭᠦᠪᠠᠭᠡ ᠳᠠᠭᠠᠵᠤ ᠥᠷᠭᠡᠨ ᠠᠭᠤᠳᠠᠮ ᠳᠠᠯ᠎ᠠ ᠨᠤᠳᠤᠭ᠂ ᠦᠨᠳᠦᠷ ᠢᠭᠴᠢ ᠠᠭᠤᠯᠠ ᠬᠠᠢ᠌ᠷᠬᠠᠨ ᠢ ᠲᠦᠰᠢᠵᠤ ᠭᠦᠴᠦᠷᠭᠡᠭ᠍ᠵᠢᠨ ᠪᠣᠢ᠌ᠵᠢᠭᠠᠤᠨ ᠦᠪᠡᠷᠮᠢᠴᠠ ᠣᠠᠴᠠᠯᠢᠭ ᠲᠠᠭᠠᠨ ᠳᠤᠭᠢᠷᠠᠭᠰᠠᠨ ᠨᠡᠭᠦᠵᠤ ᠪᠠᠭᠤᠬᠤ ᠳᠤ ᠳᠦᠭᠦᠮ ᠳᠦᠳᠠ ᠭᠦᠩᠭᠡᠨ ᠮᠠᠶᠢᠭ ᠤᠨ ᠢᠰᠡᠭᠡᠢ ᠭᠡᠷ᠂ ᠬᠤᠯᠤᠰᠤᠨ ᠪᠦᠷᠢᠶᠡᠰᠤ ᠲᠡᠶ ᠨᠢ᠋ᠮᠠᠨ ᠬᠠᠨᠠᠳᠤ ᠪᠠᠷ ᠨᠤᠳᠤᠭᠯᠠᠵᠤ᠂ ᠮᠠᠯ ᠤᠨ ᠠᠷᠠᠰᠤ ᠰᠢᠷᠢ ᠪᠠᠷ ᠭᠤᠳᠤᠯ ᠱᠠᠬᠠᠢ᠂ ᠰᠤᠷ ᠰᠤᠷᠤᠯᠭ᠎ᠠ ᠵᠤᠬᠢᠶᠠᠵᠤ᠂ ᠬᠤᠨᠢ ᠢᠮᠠᠭᠠᠨ ᠤ ᠨᠤᠤᠰᠤ ᠨᠤᠯᠤᠤᠷ ᠢ ᠡᠳ᠋ᠯᠡᠨ ᠭᠡᠷᠡᠭᠯᠡᠵᠤ ᠠᠩ ᠠᠩᠨᠠᠯ ᠳᠠᠭᠠᠨ ᠰᠢᠯᠭᠠᠷᠠᠭᠰᠠᠨ᠂ ᠬᠠᠷᠪᠣᠵᠤ ᠨᠠᠮᠨᠠᠬᠤ ᠳᠠᠭᠠᠨ ᠮᠡᠷᠭᠡᠵᠢᠭ᠍ᠰᠡᠨ ᠦᠪᠣᠷ ᠳᠠᠪᠤᠨ ᠬᠠᠯᠬ᠎ᠠ ᠶᠢᠨ ᠨᠢᠭᠡ ᠨᠢ ᠪᠣᠯᠤᠭᠰᠠᠨ ᠪᠠᠢ᠌ᠨ᠎ᠠ᠃ ᠳᠠᠶᠠᠨ ᠬᠠᠭᠠᠨ ᠤ ᠬᠣᠢ᠌ᠴᠢᠰ ᠨᠠᠢ᠌ᠴᠢ ᠬᠠᠨ ᠤ ᠦᠶ᠎ᠡ ᠳᠤ (1614ᠣᠨ ᠳ᠋ᠤ) ᠦᠬᠢᠨ ᠳᠡᠭᠦᠤ ᠪᠠᠨ ᠮᠠᠠᠵᠤ ᠶᠢᠨ ᠪᠠᠢ᠌ᠯ᠎ᠠ ᠮᠠᠩᠭ᠋ᠤᠯᠳᠠᠢ ᠳᠤ ᠬᠠᠳᠤᠨ ᠪᠣᠯᠭᠠᠨ ᠦᠭᠭᠦᠭᠡᠤᠨ ᠳᠡᠭᠡᠳᠤ ᠡᠷᠳᠡᠮᠳᠤ ᠶᠢᠨ ᠳᠦᠷᠪᠠᠳᠦᠭᠡᠷ ᠣᠨ ᠳᠤ (1639ᠣᠨ) ᠨᠠᠢ᠌ᠴᠢ ᠬᠠᠨ ᠮᠢᠩ ᠣᠯᠤᠰ ᠲᠡᠶ ᠪᠠᠢ᠌ᠯᠳᠤᠭᠠᠤᠨ ᠳᠡᠢ᠌ᠯᠦᠭ᠍ᠰᠡᠨ ᠳᠤᠯᠠ ᠭᠠᠪᠢᠶ᠎ᠠ ᠵᠢᠦᠡᠭᠦᠯ ᠢ ᠶᠡᠭᠡᠯ᠎ᠡ ᠭᠦᠷᠳᠡᠪᠡ᠃ ᠳᠠᠷᠠ ᠦᠶ᠎ᠡ ᠡᠴᠡ ᠡᠭᠢᠯᠡᠨ ᠵᠠᠷᠤᠳ ᠮᠤᠩᠭ᠋ᠤᠯᠴᠤᠳ ᠤᠨ ᠮᠠᠯ ᠣᠨᠤᠭ᠎ᠠ ᠨᠢ ᠭᠦᠭ᠍ᠵᠢᠵᠤ᠂ ᠭᠦᠮᠤᠨ ᠠᠮᠠ ᠨᠢ ᠨᠡᠮᠡᠭ᠍ᠳᠡᠭᠡᠤᠨ ᠡᠮᠦᠨᠡᠰᠢ ᠳᠠᠢ᠌ᠯᠠᠵᠤ᠂ ᠪᠠᠷᠠᠭᠤᠠᠰᠢ ᠳᠤᠪᠳᠤᠯᠤᠨ ᠭᠠᠵᠠᠷ ᠨᠤᠳᠤᠭ ᠶᠢᠡᠨ ᠦᠷᠭᠡᠳᠭᠡᠵᠤ ᠪᠠᠢ᠌ᠯ᠎ᠠ᠃
ᠴᠢᠩ ᠣᠯᠤᠰ ᠤᠨ ᠡᠶᠡᠪᠠᠷ ᠵᠠᠰᠠᠭᠴᠢ ᠶᠢᠨ ᠳᠠᠪᠣᠳᠤᠭᠠᠷ ᠣᠨ (1648ᠣᠨ) ᠳᠤ ᠵᠠᠷᠤᠳ ᠸᠠᠩ ᠰᠠᠪᠤᠨ ᠨᠤᠶᠠᠨ ᠨᠠᠰᠤ ᠪᠠᠷᠠᠭᠰᠠᠨ ᠳᠤ ᠳᠡᠭᠦᠨ ᠤ ᠬᠤᠶᠠᠳᠤᠭᠠᠷ ᠭᠦᠪᠠᠭᠦᠨ ᠰᠠᠩᠭ᠋ᠠᠷ ᠢ ᠵᠡᠷᠭᠡ ᠡᠷᠭᠢᠮ ᠵᠠᠯᠭᠠᠮᠵᠢᠯᠠᠭᠤᠵᠤ ᠪᠠᠷᠠᠭᠤᠨ ᠭᠠᠷᠤᠨ ᠵᠠᠷᠤᠳ ᠬᠤᠰᠢᠭᠤ ᠶᠢᠨ ᠸᠠᠩ ᠪᠣᠯᠭᠠᠵᠤ᠂ ᠪᠦᠭᠦ 16 ᠰᠤᠮᠤ ᠬᠤᠪᠢᠶᠠᠵᠤ ᠥᠭ᠍ᠴᠡᠢ᠃ ᠳᠤᠰ ᠵᠢᠯ ᠳᠤ ᠴᠢᠩ ᠣᠯᠤᠰ ᠤᠨ ᠵᠠᠰᠠᠭ ᠭᠦᠷᠤᠨ ᠡᠴᠡ ᠵᠠᠷᠤᠳ ᠸᠠᠩ ᠨᠠᠢ᠌ᠴᠢ ᠶᠢᠨ ᠭᠦᠪᠠᠭᠦᠨ ᠰᠠᠩᠵᠢᠪᠣ ᠶᠢ ᠵᠡᠭᠦᠨ ᠭᠠᠷᠤᠨ ᠵᠠᠷᠤᠳ ᠬᠤᠰᠢᠭᠤ ᠸᠠᠩ ᠡᠷᠭᠦᠮᠵᠢᠯᠡᠭᠡᠤᠨ ᠮᠦᠨ ᠴᠤ 16 ᠰᠤᠮᠤ ᠬᠤᠪᠢᠶᠠᠵᠤ ᠥᠭ᠍ᠪᠡ᠃ ᠳᠠᠢ᠌ᠮᠤ ᠶᠢᠨ ᠳᠤᠯᠠ ᠵᠠᠷᠤᠳ ᠮᠤᠩᠭ᠋ᠤᠯᠴᠤᠳ ᠵᠡᠭᠦᠨ᠂ ᠪᠠᠷᠠᠭᠤᠨ ᠬᠤᠶᠠᠷ ᠬᠤᠰᠢᠭᠤ ᠪᠣᠢ ᠪᠣᠯᠵᠤ ᠵᠤᠤ ᠣᠳᠠ ᠶᠢᠨ ᠴᠢᠭᠤᠯᠭᠠᠨ ᠳᠤ ᠬᠠᠷᠢᠶᠠᠯᠠᠭᠳᠠᠵᠤ ᠪᠠᠢ᠌ᠪᠠ᠃
ᠬᠤᠶᠠᠷ᠂ ᠭᠠᠷ ᠣᠷᠠᠯᠠᠯ ᠪᠠ ᠣᠶᠤᠳᠠᠯ ᠣᠷᠠᠯᠢᠭ ᠤᠨ ᠲᠦᠪᠯᠡᠷᠠᠰᠢᠯ
ᠮᠤᠩᠭ᠋ᠤᠯ ᠦᠨᠳᠦᠰᠦᠳᠠᠨ ᠤ ᠣᠷᠠᠨ ᠵᠢᠷᠤᠭ᠂ ᠣᠶᠤᠳᠠᠯ ᠣᠷᠠᠯᠠᠯ ᠨᠢ ᠳᠡᠦᠭᠡ ᠶᠢᠨ ᠭᠦᠭ᠍ᠵᠢᠯ ᠤᠨ ᠶᠠᠪᠣᠴᠠ ᠳᠠᠭᠠᠨ ᠪᠦᠭᠡ ᠮᠥᠷᠭᠦᠯ ᠤᠨ ᠣᠷᠠᠯᠠᠯ᠂ ᠯᠠᠮᠠ ᠶᠢᠨ ᠱᠠᠰᠢᠨ ᠤ ᠣᠷᠠᠯᠠᠯ᠂ ᠠᠷᠠᠤᠨ ᠤᠨ ᠣᠯᠠᠮᠵᠢᠯᠠᠯᠳᠤ ᠣᠶᠤᠳᠠᠯ ᠣᠷᠠᠯᠠᠯ ᠭᠡᠭᠦ ᠭᠤᠷᠪᠠᠨ ᠶᠡᠭᠡ ᠣᠷᠤᠰᠬᠠᠯ ᠪᠣᠯᠵᠤ ᠭᠦᠭ᠍ᠵᠢᠭ᠍ᠰᠡᠨ ᠪᠠᠢ᠌ᠨ᠎ᠠ᠃ ᠵᠠᠷᠢᠮ ᠨᠢᠭᠡ ᠰᠤᠳᠤᠯᠭᠠᠳᠠᠨ ᠨᠡᠷ ᠡᠴᠡ ᠮᠤᠩᠭ᠋ᠤᠯ ᠦᠨᠳᠦᠰᠦᠳᠠᠨ ᠤ ᠭᠠᠷ ᠣᠷᠠᠯᠠᠯ ᠤᠨ ᠰᠤᠶᠤᠯ ᠢ ᠠᠩ ᠠᠩᠨᠠᠯ ᠤᠨ ᠰᠤᠶᠤᠯ᠂ ᠮᠠᠯᠵᠢᠬᠤ ᠰᠤᠶᠤᠯ᠂ ᠳᠠᠷᠢᠶᠠᠯᠠᠬᠤ ᠪᠣᠶᠤ ᠬᠠᠭᠠᠰ ᠳᠠᠷᠢᠶᠠᠯᠠᠬᠤ ᠰᠤᠶᠤᠯ ᠭᠡᠵᠤ ᠢᠯᠭᠠᠵᠤ ᠰᠠᠯᠭᠠᠨ ᠰᠤᠳᠤᠯᠵᠤ ᠪᠠᠢ᠌ᠨ᠎ᠠ᠃
《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠭᠡᠭᠦ ᠳᠡᠭᠦᠪᠦᠷᠢ ᠭᠡᠪᠯᠡᠭ᠍ᠳᠡᠨ ᠭᠠᠷᠤᠭᠰᠠᠨ ᠨᠢ ᠵᠠᠷᠤᠳ ᠰᠤᠶᠤᠯ ᠢ ᠰᠤᠳᠤᠯᠬᠤ ᠪᠠ ᠣᠶᠤᠳᠠᠯ ᠣᠷᠠᠯᠠᠯ ᠢ ᠡᠮᠭᠢᠦᠡᠭᠡᠨ ᠴᠤᠭᠯᠠᠭᠤᠯᠵᠤ᠂ ᠠᠷᠠᠤᠨ ᠤᠨ ᠦᠪ ᠰᠤᠶᠤᠯ ᠶᠢᠡᠨ ᠠᠪᠣᠷᠠᠨ ᠵᠠᠯᠭᠠᠮᠵᠢᠯᠠᠬᠤ ᠳᠤ ᠴᠢᠬᠤᠯᠠ ᠨᠢᠭᠡ ᠣᠢ᠌ᠯᠠᠳᠤᠯ ᠥᠵᠡᠭᠦᠯᠭᠦ ᠰᠤᠶᠤᠯ ᠣᠷᠠᠯᠢᠭ ᠤᠨ ᠦᠪ ᠭᠦᠷᠦᠩᠭᠡ ᠪᠣᠯᠤᠨ᠎ᠠ᠃ ᠳᠤᠰ ᠳᠡᠭᠦᠪᠦᠷᠢ ᠪᠣᠯ ᠵᠠᠷᠤᠳ ᠮᠤᠩᠭ᠋ᠤᠯᠴᠤᠳ ᠤᠨ ᠠᠵᠤ ᠠᠬᠤᠢ ᠶᠢᠨ ᠭᠦᠭ᠍ᠵᠢᠯᠳᠡ᠂ ᠨᠡᠢ᠌ᠭᠡᠮ ᠤᠨ ᠳᠠᠪᠰᠢᠯᠳᠠ᠂ ᠣᠢ᠌ᠯᠠᠤᠠᠪᠣᠷᠢᠯᠠᠯ ᠤᠨ ᠳᠡᠭᠡᠭ᠍ᠰᠢᠯᠡᠯᠳᠡ᠂ ᠭᠦᠮᠦᠰ ᠤᠨ ᠦᠵᠡᠯ ᠣᠬᠠᠮᠰᠠᠷ ᠪᠠ ᠰᠤᠶᠤᠯ ᠣᠷᠠᠯᠠᠯ ᠤᠨ ᠬᠤᠪᠢᠷᠠᠯᠳᠠ ᠶᠢ ᠰᠢᠠᠵᠢᠯᠠᠨ ᠰᠤᠳᠤᠯᠬᠤ ᠰᠠᠭᠤᠷᠢ ᠶᠢ ᠳᠠᠯᠪᠢᠭᠰᠠᠨ ᠪᠠᠰᠠ ᠨᠢᠭᠡ ᠵᠣᠢ᠌ᠯ ᠤᠨ ᠬᠠᠠᠳᠤᠰᠢ ᠪᠣᠯᠤᠨ᠎ᠠ᠃ ᠣᠳᠤᠬᠠᠨ ᠳᠤ ᠳᠡᠯᠡᠭᠡᠢ ᠨᠢᠭᠡᠴᠡ ᠪᠠᠷ ᠮᠤᠩᠭ᠋ᠤᠯᠴᠤᠳ ᠤᠨ ᠡᠳ᠋ ᠤᠨ ᠰᠤᠶᠤᠯ ᠪᠠ ᠡᠳ᠋ ᠤᠨ ᠪᠣᠰᠤ ᠰᠤᠶᠤᠯ ᠢ ᠠᠪᠣᠷᠠᠵᠤ ᠠᠪᠬᠤ ᠶᠢᠨ ᠳᠦᠯᠦᠭᠡ ᠵᠤᠭᠢᠬᠤ ᠭᠡᠮᠵᠢᠶᠡᠨ ᠤ ᠠᠷᠭ᠎ᠠ ᠭᠡᠮᠵᠢᠶ᠎ᠡ ᠠᠪᠴᠤ ᠪᠠᠢ᠌ᠨ᠎ᠠ᠃
ᠪᠢᠳᠠ ᠵᠠᠷᠤᠳ ᠮᠤᠩᠭ᠋ᠤᠯᠴᠤᠳ ᠤᠨ ᠬᠤᠪᠴᠠᠰᠤ ᠵᠠᠰᠠᠯ᠂ ᠪᠠᠭᠠᠵᠢ ᠭᠡᠷᠡᠭ᠍ᠰᠡᠯ᠂ ᠡᠳ᠋ᠯᠡᠯ ᠪᠠᠷᠢᠯᠠᠯ ᠢ ᠪᠦᠭᠦ ᠳᠠᠯ᠎ᠠ ᠪᠠᠷ ᠡᠮᠭᠢᠦᠡᠭᠡᠤᠨ ᠴᠤᠭᠯᠠᠭᠤᠯᠬᠤ ᠶᠤᠮ ᠪᠣᠯ ᠳᠠᠳᠠᠵᠤ ᠭᠡᠯᠡᠭᠦ ᠳᠤ ᠠᠷᠪᠠᠨ ᠲᠦᠮᠡᠨ ᠡᠭᠢ ᠲᠡᠶ ᠵᠢᠷᠤᠭ ᠭᠦᠷᠦᠭ᠌᠂ ᠥᠯᠢᠭᠡᠷ ᠤᠨ ᠭᠡᠪ ᠳᠦᠷᠰᠦ᠂ ᠪᠣᠳᠠᠳᠤ ᠣᠶᠤᠳᠠᠯ ᠣᠷᠠᠯᠠᠯ ᠢᠯᠡᠷᠡᠭᠦ ᠨᠢ ᠯᠠᠪᠳᠠᠢ᠃ ᠰᠠᠷᠵᠢᠮ᠎ᠠ ᠨᠥᠭᠦᠷ ᠤᠨ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠨᠢ ᠭᠡᠳᠥᠢᠪᠠᠷ ᠭᠡᠰᠡᠭ᠌ ᠪᠣᠰᠤᠭ ᠥᠡᠴᠦᠭ᠌ ᠪᠣᠯᠤᠩ ᠳᠠᠳᠤᠢ ᠪᠣᠯᠪᠠᠴᠤ ᠣᠳᠤ ᠳᠡᠭᠡᠷ᠎ᠡ ᠮᠠᠨ ᠳᠤ ᠭᠠᠷᠳᠠᠭᠤᠯᠵᠤ ᠪᠠᠢ᠌ᠭ᠎ᠠ ᠴᠤᠷ ᠤᠨ ᠭᠠᠭᠴᠠ ᠣᠶᠤᠳᠠᠯ ᠣᠷᠠᠯᠠᠯ ᠤᠨ ᠳᠠᠪᠳᠠᠷ ᠪᠣᠯᠤᠨ᠎ᠠ᠃ ᠡᠢ᠌ᠮᠤ ᠨᠢᠭᠡᠨ ᠬᠤᠪᠣᠷ ᠡᠷᠳᠡᠨᠢ ᠶᠢ ᠡᠮᠭᠢᠯᠡᠨ ᠳᠢᠭ᠍ᠯᠡᠵᠤ᠂ ᠬᠤᠷᠠᠯᠳᠠᠭᠤᠯᠤᠨ ᠴᠤᠭᠯᠠᠭᠤᠯᠵᠤ ᠨᠤᠮ ᠳᠠᠪᠳᠠᠷ ᠭᠡᠪᠯᠡᠭᠦᠯᠦᠭ᠍ᠰᠡᠨ ᠨᠢ ᠳᠡᠭᠦᠨ ᠤ ᠦᠵᠡᠯ ᠣᠬᠠᠮᠰᠠᠷ ᠰᠡᠭᠡᠭᠡᠷᠡᠵᠤ ᠣᠬᠠᠮᠰᠠᠷᠠᠭᠰᠠᠨ ᠳᠤ ᠪᠠᠢ᠌ᠳᠠᠭ᠃ ᠳᠡᠭᠦᠨ ᠤ ᠡᠨᠡᠭᠦ ᠣᠳᠠᠭᠠᠨ ᠵᠢᠯ ᠤᠨ ᠴᠢᠷᠮᠠᠢ᠌ᠯᠭ᠎ᠠ᠂ ᠨᠠᠷᠢᠨ ᠭᠢᠨᠠᠮᠠᠭᠠᠢ᠂ ᠬᠠᠳᠠᠭᠤ ᠰᠢᠷᠭᠠᠭᠤ ᠠᠵᠢᠯᠯᠠᠭ᠎ᠠ ᠨᠢ ᠵᠠᠷᠤᠳ ᠰᠤᠶᠤᠯ ᠤᠨ ᠦᠪ ᠭᠦᠷᠦᠩᠭᠡ ᠶᠢ ᠰᠤᠳᠤᠯᠵᠤ ᠰᠢᠡᠵᠢᠯᠡᠭᠦ᠂ ᠣᠠᠴᠠᠭᠠᠢ᠌ᠯᠠᠨ ᠭᠠᠷ ᠣᠷᠠᠯᠠᠯ᠂ ᠣᠶᠤᠳᠠᠯ ᠵᠢᠷᠤᠭ ᠢ ᠰᠤᠳᠤᠯᠬᠤ ᠳᠤ ᠳᠦᠯᠭᠢᠭᠦ ᠭᠦᠴᠤᠨ ᠥᠵᠡᠭᠦᠯᠭᠦ ᠨᠢ ᠵᠠᠢ᠌ᠯᠠᠰᠢ ᠦᠭᠡᠶ᠃
ᠵᠠᠷᠤᠳ ᠮᠤᠩᠭ᠋ᠤᠯᠴᠤᠳ ᠤᠨ ᠣᠷᠠᠨ ᠣᠢ᠌ᠯᠠ ᠣᠶᠤᠳᠠᠯ ᠣᠷᠠᠯᠠᠯ ᠤᠨ ᠭᠦᠭ᠍ᠵᠢᠭ᠍ᠰᠡᠨ ᠪᠠᠰᠠ ᠨᠢᠭᠡ ᠰᠢᠯᠳᠠᠭᠠᠨ ᠪᠣᠯ ᠮᠠᠯ ᠠᠵᠤ ᠠᠬᠤᠢ ᠶᠢᠨ ᠰᠠᠭᠤᠷᠢᠨ ᠳᠤ ᠮᠤᠳᠤᠨ ᠣᠷᠠᠯᠠᠯ᠂ ᠳᠡᠮᠦᠷᠯᠢᠭ᠌ ᠡᠳ᠋ ᠤᠨ ᠭᠦᠭ᠍ᠵᠢᠯ ᠲᠡᠶ ᠰᠢᠭᠤᠳ ᠬᠠᠮᠢᠶ᠎ᠠ ᠲᠡᠶ᠃ ᠮᠢᠩ᠂ ᠴᠢᠩ ᠤᠨ ᠦᠶ᠎ᠡ ᠳᠤ ᠵᠠᠷᠤᠳ ᠳᠡᠭᠡᠳᠤ ᠪᠠᠶ᠎ᠠ ᠳᠤ ᠮᠤᠳᠤᠨ ᠳᠠᠷᠬᠠᠨ ᠪᠠ ᠳᠠᠮᠤᠷ ᠤᠨ ᠳᠠᠷᠬᠠᠨ ᠣᠯᠠᠰᠢᠷᠠᠵᠤ᠂ ᠣᠷᠠᠨ ᠭᠢᠴᠠ ᠲᠡᠶ ᠮᠤᠳᠤᠨ ᠡᠳ᠋ᠯᠡᠯ ᠪᠣᠶᠤ ᠣᠷᠠᠯᠢᠭ ᠵᠤᠬᠢᠶᠠᠭᠰᠠᠨ ᠳᠠᠮᠤᠷ ᠤᠨ ᠵᠠᠷᠤᠳᠠᠯ ᠪᠠᠭᠠᠵᠢ᠂ ᠡᠳ᠋ ᠭᠡᠷᠡᠭ᠍ᠰᠡᠯ ᠨᠢ ᠶᠡᠭᠡᠯ᠎ᠡ ᠭᠦᠭ᠍ᠵᠢᠵᠡᠢ᠃ ᠡᠨᠡᠭᠦ ᠭᠠᠷ ᠣᠷᠠᠯᠠᠯ᠂ ᠣᠷᠠᠨ ᠣᠢ᠌ᠯᠠ ᠶᠢᠨ ᠭᠦᠭ᠍ᠵᠢᠯᠳᠡ ᠨᠢ ᠵᠠᠷᠤᠳ ᠮᠤᠩᠭ᠋ᠤᠯᠴᠤᠳ ᠤᠨ ᠳᠠᠷᠢᠭᠢ ᠳᠤᠯᠤᠭᠠᠢ ᠶᠢ ᠨᠢ ᠰᠡᠷᠭᠦᠭᠡᠵᠤ᠂ ᠣᠷᠠᠨ ᠰᠠᠨᠠᠭ᠎ᠠ ᠶᠢ ᠨᠢ ᠭᠦᠭ᠍ᠵᠢᠭᠡᠵᠤ ᠰᠤᠶᠤᠯ ᠤᠨ ᠭᠦᠭ᠍ᠵᠢᠯ ᠢ ᠳᠠᠪᠰᠢᠩᠭ᠋ᠤᠢ ᠪᠠᠢ᠌ᠷᠢᠨ ᠳᠤ ᠲᠦᠯᠬᠢᠨ ᠣᠷᠤᠭᠰᠢᠯᠠᠭᠤᠯᠵᠠᠢ᠃ ᠣᠶᠤᠳᠠᠯ ᠣᠷᠠᠯᠠᠯ ᠪᠣᠯ ᠡᠮᠡᠭ᠍ᠳᠡᠢ ᠭᠦᠮᠤᠨ ᠤ ᠣᠬᠠᠭᠠᠨ ᠰᠠᠨᠠᠭ᠎ᠠ᠂ ᠬᠤᠷᠴᠠ ᠰᠡᠷᠭᠡᠢ᠂ ᠣᠶᠤᠳᠠᠯ ᠣᠢ᠌ᠯᠠ ᠶᠢᠨ ᠣᠷᠠᠯᠢᠭ᠂ ᠳᠤᠳᠤᠭᠠᠳᠤ ᠰᠡᠳᠬᠢᠯᠭᠡ ᠶᠢ ᠢᠯᠡᠷᠡᠭᠦᠯᠳᠡᠭ᠌ ᠨᠢᠭᠤᠴᠠ ᠣᠪᠠᠳᠢᠰ ᠨᠢ ᠪᠣᠯᠤᠨ᠎ᠠ᠃ ᠮᠤᠩᠭ᠋ᠤᠯ ᠤᠨ ᠣᠳᠤᠮᠰᠢᠯᠳᠤ ᠵᠠᠩᠰᠢᠯ ᠳᠤ ᠮᠤᠩᠭ᠋ᠤᠯ ᠭᠡᠦᠭᠡᠡᠴᠦᠳ ᠣᠷᠠᠯᠢᠭ ᠣᠶᠤᠭᠰᠠᠨ ᠰᠢᠭᠤᠳᠠᠢ ᠪᠠᠨ ᠬᠠᠢ᠌ᠷᠠᠯᠠᠵᠤ ᠰᠠᠨᠠᠭᠰᠠᠨ ᠵᠠᠯᠠᠭᠤᠴᠤᠳ ᠲᠤ ᠵᠡᠭᠦᠯᠭᠡᠳᠡᠭ᠌᠃ ᠰᠢᠭᠤᠳᠠᠢ ᠣᠯᠤᠭᠰᠠ ᠵᠠᠯᠠᠭᠤᠴᠤᠳ ᠴᠤ ᠣᠷᠠᠯᠢᠭ ᠣᠶᠤᠭᠰᠠᠨ ᠰᠢᠭᠤᠳᠠᠢ ᠶᠢᠨ ᠭᠡ ᠣᠭᠠᠯᠵᠠ ᠨᠠᠭᠠᠮᠠᠯ᠂ ᠬᠠᠤᠠᠬᠤᠮᠠᠯ ᠡᠴᠡ ᠭᠡᠦᠭᠡᠡᠴᠦᠳ ᠤᠨ ᠣᠬᠠᠭᠠᠨ ᠰᠠᠨᠠᠭ᠎ᠠ ᠲᠡᠶ᠂ ᠠᠵᠢᠯᠴᠢ ᠪᠣᠷᠤᠭᠵᠢᠭᠤᠨ᠂ ᠣᠷᠠᠨ ᠭᠡᠦᠭᠡᠡᠴᠦᠳ ᠪᠣᠯᠬᠤ ᠶᠢ ᠮᠠᠳᠠᠵᠤ ᠣᠢ᠌ᠯᠠᠭᠠᠭᠠᠤᠨ ᠢᠨᠠᠭ ᠬᠤᠩᠭ᠋ᠤᠷ ᠪᠣᠯᠭᠠᠬᠤ ᠰᠠᠨᠠᠭ᠎ᠠ ᠪᠠᠨ ᠡᠵᠢ᠂ ᠠᠪᠣ ᠳᠠᠭᠠᠨ ᠮᠡᠳᠡᠭ᠍ᠳᠡᠳᠡᠭ᠌ ᠪᠠᠢ᠌ᠵᠠᠢ᠃ ᠵᠠᠷᠤᠳ ᠮᠤᠩᠭ᠋ᠤᠯᠴᠤᠳ ᠪᠣᠯ ᠭᠡᠦᠭᠡᠡᠴᠦᠳ ᠶᠢᠡᠨ ᠬᠠᠷᠠᠬᠠᠨ ᠪᠠᠭ᠎ᠠ ᠡᠴᠡ ᠨᠢ ᠡᠷᠭᠡᠪᠰᠢ ᠬᠠᠳᠠᠭᠤ ᠰᠢᠷᠭᠠᠭᠤ ᠪᠣᠯᠪᠠᠰᠤᠷᠠᠭᠤᠯᠵᠤ᠂ ᠶᠤᠰᠤ ᠮᠤᠷᠠᠯ᠂ ᠣᠶᠤᠳᠠᠯ ᠣᠷᠠᠯᠠᠯ ᠲᠡᠶ ᠪᠣᠯᠭᠠᠬᠤ ᠪᠠᠷ ᠭᠦᠡᠳᠤ ᠱᠠᠭᠠᠷᠳᠠᠯᠭ᠎ᠠ ᠳᠠᠯᠪᠢᠵᠤ᠂ ᠣᠶᠤᠳᠠᠯ ᠣᠷᠠᠯᠠᠯ ᠢ ᠪᠦᠭᠦ ᠳᠠᠯ᠎ᠠ ᠪᠠᠷ ᠡᠵᠡᠮᠰᠢᠭᠦᠯᠭᠦ ᠪᠠᠷ ᠣᠷᠤᠯᠳᠤᠳᠠᠭ᠃ ᠳᠠᠢ᠌ᠮᠤ ᠶᠢᠨ ᠳᠤᠯᠠ ᠠᠯᠢ ᠡᠷᠳᠡ ᠵᠠᠷᠤᠳ ᠮᠤᠩᠭ᠋ᠤᠯᠴᠤᠳ ᠤᠨ ᠴᠢᠮᠡᠭᠯᠡᠭᠦ ᠣᠷᠠᠯᠠᠯ ᠪᠠ ᠨᠠᠭᠠᠮᠠᠯ᠂ ᠬᠠᠤᠠᠬᠤᠮᠠᠯ ᠤᠨ ᠣᠷᠠᠨ ᠣᠢ᠌ᠯᠠ ᠨᠢ ᠮᠤᠩᠭ᠋ᠤᠯ ᠬᠤᠰᠢᠭᠤ ᠠᠢ᠌ᠮᠠᠭ ᠲᠤ ᠠᠯᠳᠠᠷᠰᠢᠵᠤ《ᠵᠠᠷᠤᠳ ᠬᠤᠪᠴᠠᠰᠤ》᠂《ᠣᠷᠳᠤᠰ ᠭᠤᠳᠤᠯ》᠂《ᠦᠵᠦᠮᠤᠴᠢᠨ ᠨᠡᠭᠡᠢ ᠳᠠᠪᠠᠯ》 ᠭᠡᠵᠤ ᠬᠤᠪᠴᠠᠰᠤ ᠵᠠᠰᠠᠯ ᠤᠨ ᠭᠡᠪ ᠨᠠᠮᠪᠠ ᠢᠯᠭᠠᠭᠳᠠᠨ ᠣᠯᠠᠮᠵᠢᠯᠠᠭᠳᠠᠬᠤ ᠪᠣᠯᠤᠭᠰᠠᠨ ᠡᠴᠡ ᠠᠶᠠᠠᠳᠠᠭᠠᠨ ᠪᠠᠷᠠᠭᠤᠨ ᠣᠷᠤᠨ ᠪᠠ ᠵᠡᠭᠦᠨ ᠣᠷᠤᠨ᠂ ᠠᠷᠤ ᠮᠤᠩᠭ᠋ᠤᠯ ᠪᠠ ᠦᠪᠣᠷ ᠮᠤᠩᠭ᠋ᠤᠯ ᠤᠨ ᠬᠤᠪᠴᠠᠰᠤ ᠵᠠᠰᠠᠯ ᠣᠶᠤᠳᠠᠯ ᠣᠷᠠᠯᠠᠯ ᠢᠯᠭᠠᠭᠳᠠᠨ ᠭᠠᠷᠬᠤ ᠪᠣᠯᠤᠭᠰᠠᠨ ᠳᠠᠭᠠᠨ ᠪᠠᠢ᠌ᠨ᠎ᠠ᠃
ᠵᠠᠷᠤᠳ ᠮᠤᠩᠭ᠋ᠤᠯᠴᠤᠳ ᠤᠨ ᠬᠤᠪᠴᠠᠰᠤ ᠵᠠᠰᠠᠯ ᠤᠨ ᠥᠩᠭᠡ ᠪᠣᠳᠤᠭ ᠪᠣᠯ ᠣᠯᠠᠭᠠᠨ᠂ ᠨᠤᠭᠤᠭᠠᠨ᠂ ᠴᠡᠩᠭᠡᠷ ᠭᠦᠭᠡ᠂ ᠬᠠᠷ᠎ᠠ ᠭᠦᠭᠡ᠂ ᠰᠢᠷ᠎ᠠ ᠵᠡᠷᠭᠡ ᠶᠢ ᠭᠤᠤᠯᠯᠠᠵᠤ᠂ ᠢᠰᠡᠭᠡᠢ ᠰᠢᠷᠢᠮᠠᠯ ᠣᠷᠠᠯᠠᠯ᠂ ᠭᠡᠷ ᠡᠷᠦᠭᠡ ᠪᠠᠨ ᠵᠠᠰᠠᠵᠤ ᠴᠢᠮᠡᠭᠯᠡᠭᠦ ᠶᠢ ᠭᠦᠭᠡᠭᠡᠴᠡᠯᠳᠡᠭᠦ ᠣᠷᠠᠯᠠᠯ ᠥᠭᠡᠳᠡ ᠬᠠᠠᠳᠤᠭᠰᠠᠨ ᠪᠠᠢ᠌ᠨ᠎ᠠ᠃ ᠬᠤᠪᠴᠠᠰᠤ ᠬᠤᠨᠠᠷ ᠤᠨ ᠦᠪᠡᠷᠮᠢᠴᠠ ᠣᠠᠴᠠᠯᠢᠭ ᠤᠨ ᠳᠠᠯ᠎ᠠ ᠡᠴᠡ ᠳᠤᠷᠠᠤᠠᠪᠠᠯ᠂ ᠵᠠᠷᠤᠳ ᠨᠤᠳᠤᠭ ᠤᠨ ᠳᠡᠷᠯᠢᠭ᠌ ᠳᠠᠪᠠᠯ ᠤᠨ ᠵᠠᠭᠠᠮ᠎ᠠ ᠨᠢ ᠣᠬᠤᠷ᠂ ᠮᠦᠷᠤ ᠨᠢ ᠥᠷᠭᠡᠨ᠂ ᠬᠤᠷᠮᠤᠢ ᠣᠷᠳᠤ᠂ ᠬᠠᠠᠴᠤᠢ ᠳᠡᠭ᠍ᠰᠢ᠃ ᠡᠮᠡᠭ᠍ᠳᠡᠢ᠌ᠴᠦᠳ ᠤᠨ ᠬᠤᠪᠴᠠᠰᠤ ᠨᠢ ᠪᠣᠯ ᠳᠤᠤᠱᠤ ᠳᠤᠤᠱᠠ᠂ ᠬᠤᠷᠭᠤᠢ ᠭᠦᠪᠠᠭᠡ ᠲᠡᠶ᠂ ᠬᠠᠠᠴᠤᠢ ᠳᠠᠭᠠᠵᠤ ᠨᠠᠭᠠᠮᠠᠯ ᠴᠠᠭᠠᠮᠠᠯ ᠣᠷᠢᠶᠠᠵᠤ᠂ ᠭᠦᠢᠯᠡᠰᠤᠨ ᠬᠤᠸᠠᠷ ᠬᠠᠤᠠᠬᠤᠵᠤ᠂ ᠬᠤᠷᠮᠤᠢ ᠶᠢ ᠨᠢ ᠳᠤᠷᠭ᠎ᠠ ᠳᠤᠷᠳᠤᠩ ᠶᠢᠡᠷ ᠭᠦᠪᠠᠭᠡᠯᠡᠳᠡᠭ᠌ ᠪᠢᠯᠠ᠃ ᠭᠡᠭᠦ ᠳᠡᠭᠡᠨ ᠳᠠᠪᠠᠯ ᠬᠠᠠᠳᠠᠭᠠᠵᠠ ᠶᠢᠨ ᠭᠦᠪᠠᠭᠡ ᠶᠢ ᠨᠠᠷᠢᠨ ᠴᠢᠮᠭᠢᠭᠦᠷ ᠥᠭ᠍ᠴᠤ᠂ ᠣᠷᠳᠤ ᠣᠭᠴᠤᠷ ᠢ ᠬᠤᠶᠠᠷ ᠬᠤᠷᠮᠤᠢ ᠲᠡᠶ (ᠣᠷᠳᠤᠰ ᠪᠣᠯ ᠳᠦᠷᠪᠡᠨ ᠬᠤᠷᠮᠤᠢ ᠳᠠᠢ) ᠵᠤᠬᠢᠶᠠᠳᠠᠭ᠃ ᠵᠠᠷᠤᠳ ᠮᠤᠩᠭ᠋ᠤᠯᠴᠤᠳ ᠤᠨ ᠭᠤᠳᠤᠯ ᠪᠣᠯ ᠣᠷᠳᠤ ᠳᠦᠷᠠᠢ᠂ ᠨᠠᠷᠢᠨ ᠭᠦᠵᠦᠭᠦᠤ᠂ ᠪᠦᠮᠪᠦᠭᠡᠷ ᠬᠠᠮᠠᠷ ᠲᠡᠶ ᠣᠶᠤᠬᠤ ᠶᠢ ᠡᠷᠭᠢᠮᠯᠡᠳᠡᠭ᠌᠃ ᠣᠢ᠌ᠯᠠ ᠣᠶᠤᠳᠠᠯ᠂ ᠬᠤᠪᠴᠠᠰᠤ ᠬᠤᠨᠠᠷ ᠤᠨ ᠵᠠᠩ ᠴᠢᠨᠠᠷ ᠤᠨ ᠳᠠᠯ᠎ᠠ ᠡᠴᠡ ᠰᠢᠠᠵᠢᠪᠠᠯ᠂ ᠬᠤᠶᠠᠷ ᠪᠠᠭᠠᠷᠢᠨ᠂ ᠬᠤᠶᠠᠷ ᠵᠠᠷᠤᠳ᠂ ᠠᠷᠤ ᠬᠤᠷᠴᠢᠨ ᠠᠳᠠᠯᠢᠪᠳᠤᠷ᠃ ᠶᠡᠭᠡᠰᠭᠡᠵᠤ ᠭᠡᠯᠡᠪᠠᠯ ᠲᠦᠰᠢᠶᠠᠳᠤ ᠬᠤᠰᠢᠭᠤ ᠪᠣᠯᠤᠨ ᠳᠠᠷᠬᠠᠨ ᠬᠤᠰᠢᠭᠤ ᠶᠢᠨ ᠬᠣᠢ᠌ᠳᠤ ᠪᠠᠶ᠎ᠠ ᠨᠠᠯᠢᠶᠠᠤᠨ ᠣᠢ᠌ᠷᠠᠯᠴᠠᠭ᠎ᠠ ᠣᠴᠢᠳᠠᠭ᠃ ᠵᠠᠷᠤᠳ ᠨᠤᠳᠤᠭ ᠪᠣᠯ ᠭᠡ ᠣᠭᠠᠯᠵᠠ᠂ ᠭᠦᠢᠯᠡᠰᠤᠨ ᠬᠤᠸᠠᠷ ᠵᠡᠷᠭᠡ ᠪᠠᠷ ᠣᠠᠴᠠᠯᠢᠭ ᠳᠤᠪᠣᠢ᠌ᠮ᠎ᠠ᠂ ᠣᠯᠠᠭᠠᠨ ᠨᠤᠭᠤᠭᠠᠨ ᠤ ᠭᠠᠳᠠᠭᠤᠷ ᠬᠠᠷ᠎ᠠ ᠳᠤᠷᠭᠠᠨ ᠣᠤᠵᠢ ᠳᠠᠷᠤᠭᠤᠯᠵᠤ ᠡᠮᠦᠰᠳᠡᠭ᠌ ᠵᠠᠩᠰᠢᠯ ᠲᠡᠶ᠃ ᠳᠤᠰ ᠳᠡᠭᠦᠪᠦᠷᠢ ᠳᠤ ᠵᠠᠷᠤᠳ ᠭᠡ ᠣᠭᠠᠯᠵᠠ ᠶᠢ ᠵᠢᠷᠭᠤᠭᠠᠨ ᠳᠠᠯ᠎ᠠ ᠪᠠᠷ ᠳ᠋ᠦ᠋ᠩᠨᠠᠵᠤ᠂ ᠭᠡᠯᠪᠠᠷᠢ ᠳᠦᠷᠰᠦ ᠪᠠᠷ ᠨᠢ ᠬᠤᠷᠢᠨ ᠪᠦᠯᠦᠭ᠌ ᠬᠤᠪᠢᠶᠠᠵᠠᠢ᠃ ᠭᠡᠷᠪᠡ ᠨᠠᠷᠢᠨ ᠨᠢᠭᠳᠠ ᠬᠤᠪᠢᠶᠠᠳᠠᠭ ᠪᠣᠯ ᠭᠡᠳᠤᠨ ᠵᠠᠭᠤ ᠬᠤᠪᠢᠶᠠᠬᠤ ᠳᠤ ᠢᠯᠡᠭᠦᠤ ᠭᠠᠷᠬᠤ ᠦᠭᠡᠶ᠃ ᠳᠤᠰ ᠳᠡᠭᠦᠪᠦᠷᠢ ᠳᠤ 249 ᠭᠡ ᠣᠭᠠᠯᠵᠠ ᠪᠠᠷ ᠵᠢᠱᠢᠶ᠎ᠠ ᠪᠣᠯᠭᠠᠭᠰᠠᠨ ᠪᠠᠢ᠌ᠨ᠎ᠠ᠃
ᠭᠤᠷᠪᠠ᠂ ᠳᠤᠰ ᠳᠡᠭᠦᠪᠦᠷᠢ ᠶᠢᠨ ᠬᠤᠪᠢᠶᠠᠷᠢᠯᠠᠯ ᠪᠠ ᠳᠤᠰᠬᠠᠢ ᠨᠠᠷᠠᠢ᠌ᠳᠤᠯ
ᠰᠠᠷᠵᠢᠮ᠎ᠠ ᠨᠥᠭᠦᠷ ᠡᠴᠡ ᠳᠤᠰ ᠳᠡᠭᠦᠪᠦᠷᠢ ᠶᠢ ᠭᠡᠪᠯᠡᠭᠦ ᠳᠡᠭᠡᠨ ᠭᠠᠭᠴᠠ ᠣᠷᠠᠨ ᠵᠢᠷᠤᠭ᠂ ᠣᠶᠤᠳᠠᠯ ᠣᠷᠠᠯᠠᠯ ᠳᠡᠭᠡᠷ᠎ᠡ ᠭᠦᠴᠤ ᠳᠦᠪᠯᠡᠷᠡᠭᠦᠯᠦᠭ᠍ᠰᠡᠨ ᠪᠢᠰᠢ᠃ ᠬᠠᠷᠢᠨ ᠬᠤᠷᠠᠮᠳᠠᠭᠤᠯᠤᠨ ᠴᠤᠭᠯᠠᠭᠤᠯᠤᠭᠰᠠᠨ ᠵᠢᠷᠤᠭ ᠥᠯᠢᠭᠡᠷ᠂ ᠣᠶᠤᠭᠰᠠᠨ ᠣᠶᠤᠳᠠᠯ ᠤᠨ ᠭᠡᠪ ᠳᠦᠷᠰᠦ ᠵᠡᠷᠭᠡ ᠪᠠᠨ ᠨᠢᠭᠳᠠᠯᠠᠨ ᠰᠤᠳᠤᠯᠵᠤ᠂ ᠲᠦᠷᠦᠯ ᠵᠣᠢ᠌ᠯ ᠬᠤᠪᠢᠶᠠᠵᠤ᠂ ᠨᠠᠷᠠ ᠨᠠᠷᠠᠢ᠌ᠳᠤᠯ ᠤᠨ ᠳᠠᠯ᠎ᠠ ᠳᠤ ᠨᠤᠳᠤᠭ ᠤᠨ ᠭᠡᠯᠡ ᠭᠡᠯᠡᠯᠭᠡ ᠶᠢᠨ ᠡᠭᠦᠳᠤᠨ ᠡᠴᠡ ᠪᠦᠯᠦᠭ᠌ ᠪᠠᠳᠠᠭ ᠰᠠᠯᠭᠠᠵᠤ᠂ ᠥᠭᠡ ᠥᠭᠦᠯᠡᠪᠦᠷᠢ ᠵᠤᠬᠢᠶᠠᠬᠤ ᠶᠢᠨ ᠬᠠᠮᠳᠤ ᠦᠪᠡᠷ ᠤᠨ ᠦᠵᠡᠯᠳᠠ᠂ ᠰᠠᠨᠠᠯ ᠳᠤᠷᠠᠳᠤᠯᠭ᠎ᠠ ᠪᠠᠨ ᠳᠤᠷᠠᠳᠤᠭᠰᠠᠨ ᠪᠠᠢ᠌ᠨ᠎ᠠ᠃ ᠡᠳᠡᠭᠡᠷ ᠣᠢ᠌ᠯᠠ ᠠᠵᠢᠯᠯᠠᠭ᠎ᠠ ᠨᠢ ᠰᠤᠳᠤᠯᠤᠭᠴᠢ ᠨᠡᠷ ᠤᠨ ᠣᠷᠮ᠎ᠠ ᠪᠠᠬ᠎ᠠ ᠶᠢ ᠭᠦᠭ᠍ᠵᠢᠭᠡᠭᠦ ᠮᠥᠷᠳᠡᠭᠡᠨ ᠬᠤᠵᠢᠮ ᠬᠣᠢ᠌ᠰᠢᠳᠠ ᠶᠢᠨ ᠰᠤᠳᠤᠯᠵᠤ ᠰᠢᠡᠵᠢᠯᠡᠭᠦ ᠭᠦᠮᠦᠰ ᠲᠤ ᠵᠤᠭᠢᠬᠤ ᠪᠠᠢ᠌ᠷᠢ ᠰᠠᠭᠤᠷᠢ ᠶᠢ ᠳᠠᠯᠪᠢᠭᠰᠠᠨ ᠥᠯᠢᠭᠡᠷ ᠵᠢᠱᠢᠶ᠎ᠠ ᠪᠣᠯᠤᠨ᠎ᠠ᠃
(ᠨᠢᠭᠡ)᠂ ᠣᠶᠤᠳᠠᠯ ᠣᠷᠠᠯᠠᠯ ᠤᠨ ᠶᠠᠪᠣᠴᠠ ᠡᠴᠡ ᠰᠢᠠᠵᠢᠪᠠᠯ᠂ ᠴᠠᠭᠠᠰᠤᠨ ᠬᠠᠢ᠌ᠴᠢᠯᠠᠮᠠᠯ ᠵᠢᠷᠤᠭ ᠪᠠ ᠴᠠᠪᠣᠭ ᠤᠨ ᠬᠠᠢ᠌ᠴᠢᠯᠠᠮᠠᠯ ᠤᠨ ᠵᠢᠷᠤᠭ ᠭᠡᠵᠤ ᠬᠤᠶᠠᠷ ᠠᠩᠭᠢᠯᠠᠵᠠᠢ᠃ ᠡᠨᠡ ᠪᠣᠯ ᠮᠤᠩᠭ᠋ᠤᠯ ᠡᠮᠡᠭ᠍ᠳᠡᠢ᠌ᠴᠦᠳ ᠤᠨ ᠣᠶᠤᠳᠠᠯ ᠣᠷᠠᠯᠠᠯ ᠳᠤ ᠳᠤᠯᠭᠠᠷᠠᠬᠤ ᠬᠠᠮᠤᠭ ᠠᠩᠬᠠᠨ ᠤ ᠰᠢ᠌ᠦᠡᠪᠦᠷᠢᠯᠡᠭᠦ ᠴᠢᠬᠤᠯᠠ ᠲᠡᠶ ᠠᠰᠠᠭᠤᠳᠠᠯ ᠪᠣᠯᠤᠨ᠎ᠠ᠃
(ᠬᠤᠶᠠᠷ)᠂ ᠣᠶᠤᠳᠠᠯ ᠣᠷᠠᠯᠠᠯ ᠤᠨ ᠠᠷᠭ᠎ᠠ ᠪᠠᠷᠢᠯ ᠡᠴᠡ ᠭᠡᠯᠡᠪᠠᠯ᠂ ᠴᠠᠪᠣᠭ ᠬᠠᠳᠠᠭᠠᠬᠤ ᠠᠷᠭ᠎ᠠ᠂ ᠥᠯᠢᠭᠡᠷ ᠠᠪᠬᠤ ᠠᠷᠭ᠎ᠠ᠂ ᠣᠶᠤᠬᠤ ᠠᠷᠭ᠎ᠠ᠂ ᠢᠯᠡᠭᠦᠷᠳᠡᠭᠦ ᠠᠷᠭ᠎ᠠ ᠭᠡᠵᠤ ᠳᠦᠷᠪᠡᠨ ᠳᠠᠯ᠎ᠠ ᠡᠴᠡ ᠳ᠋ᠦ᠋ᠩᠨᠠᠨ ᠬᠤᠷᠢᠶᠠᠩᠭ᠋ᠣᠢ᠌ᠯᠠᠭᠰᠠᠨ ᠪᠠᠢ᠌ᠨ᠎ᠠ᠃
(ᠭᠤᠷᠪᠠ)᠂ ᠪᠦᠰ᠂ ᠳᠤᠷᠭ᠎ᠠ ᠳᠤᠷᠳᠤᠩ᠂ ᠢᠰᠡᠭᠡᠢ᠂ ᠠᠷᠠᠰᠤ ᠶᠢ ᠣᠶᠤᠵᠤ ᠣᠷᠠᠯᠠᠬᠤ ᠳᠠᠭᠠᠨ ᠬᠠᠤᠠᠬᠤᠮᠠᠯ᠂ ᠨᠠᠭᠠᠮᠠᠯ᠂ ᠣᠷᠢᠶᠠᠮᠠᠯ᠂ ᠰᠠᠢ᠌ᠯᠤᠮᠠᠯ ᠭᠡᠵᠤ ᠭᠡᠯᠪᠠᠷᠢ ᠳᠦᠷᠰᠦ ᠡᠴᠡ ᠨᠢ ᠬᠤᠪᠢᠶᠠᠨ ᠰᠠᠯᠭᠠᠵᠤ ᠳᠠᠨᠢᠯᠴᠠᠭᠤᠯᠪᠠ᠃ ᠳᠤᠳᠤᠷᠬᠠᠢ ᠥᠭᠦᠯᠡᠪᠠᠯ᠂ ᠬᠠᠤᠠᠬᠤᠮᠠᠯ ᠳᠤ ᠳᠤᠯᠤᠭᠠᠨ ᠵᠣᠢ᠌ᠯ ᠤᠨ ᠭᠡᠯᠪᠠᠷᠢ ᠪᠠᠢ᠌ᠵᠤ᠂ ᠨᠠᠭᠠᠮᠠᠯ ᠳᠤ ᠭᠤᠷᠪᠠᠨ ᠵᠣᠢ᠌ᠯ ᠤᠨ ᠶᠠᠪᠣᠴᠠ ᠶᠢ ᠥᠩᠭᠡᠷᠡᠭᠦᠯᠵᠤ ᠰᠠᠶᠢ ᠣᠶᠤᠭᠰᠠᠨ ᠬᠤᠪᠴᠠᠰᠤ ᠬᠤᠨᠠᠷ ᠶᠢᠡᠨ ᠪᠦᠷᠢᠨ ᠪᠦᠳᠤᠨ ᠪᠣᠯᠭᠠᠳᠠᠭ ᠶᠤᠮ᠃
(ᠳᠦᠷᠪᠠ)᠂ ᠣᠶᠤᠵᠤ ᠣᠷᠠᠯᠠᠬᠤ ᠨᠠᠷᠠᠢ᠌ᠳᠤᠯ ᠡᠴᠡ ᠦᠵᠡᠪᠠᠯ᠂ ᠭᠦᠰᠢᠭᠦ᠂ ᠰᠢᠳᠢᠭᠦ (ᠲ᠋ᠤᠪᠭᠢᠬᠤ)᠂ ᠭᠦᠪᠦᠷᠢᠦᠡᠭᠦ᠂ ᠣᠯᠯᠠᠬᠤ (ᠭᠤᠳᠤᠯ ᠣᠯᠯᠠᠬᠤ)᠂ ᠬᠠᠪᠣᠬᠤ᠂ ᠣᠳᠠᠰᠤ ᠵᠠᠩᠭᠢᠤᠠᠬᠤ᠂ ᠰᠢᠷᠢᠭᠦ (ᠣᠯᠠ ᠰᠢᠷᠢᠭᠦ)᠂ ᠳᠠᠷᠤᠭᠤᠯᠵᠤ ᠣᠶᠤᠬᠤ ᠭᠡᠵᠤ ᠳᠤᠯᠤᠭᠠᠨ ᠳᠠᠯ᠎ᠠ ᠪᠠᠷ ᠨᠡᠷᠡᠢ᠌ᠳᠦᠭ᠍ᠰᠡᠨ ᠪᠦᠭᠡᠤᠨ ᠳᠠᠷᠤᠭᠤᠯᠵᠤ ᠣᠶᠤᠬᠤ ᠶᠠᠪᠣᠴᠠ ᠳᠤ《ᠨᠡᠪᠳᠡᠭᠡᠯᠡᠭᠦ》᠂《ᠭᠤᠪᠣᠷᠠᠭᠤᠯᠬᠤ》᠂《ᠯᠤᠭᠰᠢᠬᠤ》᠂《ᠰᠢᠭᠯᠠᠬᠤ》᠂《ᠳᠠᠭᠤᠴᠢᠬᠤ》 ᠭᠡᠵᠤ ᠳᠠᠪᠤᠨ ᠵᠣᠢ᠌ᠯ ᠤᠨ ᠨᠠᠷᠠᠢ᠌ᠳᠤᠯ ᠢ ᠳᠤᠷᠠᠳᠤᠭᠠᠤᠨ ᠶᠠᠩᠵᠤ ᠶᠠᠩᠵᠤ ᠪᠠᠷ ᠣᠶᠤᠬᠤ ᠠᠷᠭ᠎ᠠ ᠣᠬᠠᠭᠠᠨ ᠢ ᠵᠢᠭᠠᠵᠤ ᠦᠭᠭᠦᠭ᠍ᠰᠡᠨ ᠪᠠᠢ᠌ᠵᠠᠢ᠃
ᠮᠤᠩᠭ᠋ᠤᠯᠴᠤᠳ ᠤᠨ ᠣᠯᠠᠮᠵᠢᠯᠠᠯᠳᠤ ᠵᠠᠩᠰᠢᠯ ᠳᠤ ᠠᠬᠠᠮᠠᠤᠨ ᠨᠢ ᠭᠡᠦᠭᠡᠤᠨ ᠳᠡᠭᠦᠦᠨᠡᠷ ᠲᠡᠭᠡᠨ ᠨᠡᠭᠦᠳᠡᠯ ᠨᠡᠭᠦᠭᠦ᠂ ᠠᠩ ᠠᠩᠨᠠᠬᠤ᠂ ᠮᠠᠯ ᠮᠠᠯᠵᠢᠬᠤ᠂ ᠭᠡᠷ ᠪᠠᠷᠢᠬᠤ᠂ ᠣᠪᠣᠭ᠎ᠠ ᠱᠠᠩᠰᠢ ᠳᠠᠭᠢᠬᠤ᠂ ᠳᠡᠭᠡᠰᠤ ᠳᠠᠮᠤᠬᠤ᠂ ᠰᠤᠷ ᠰᠤᠷᠤᠯᠭ᠎ᠠ ᠭᠢᠭᠦ᠂ ᠠᠷᠠᠰᠤ ᠡᠯᠳᠡᠵᠤ ᠳᠡᠷᠭᠡ ᠮᠤᠳᠤ ᠵᠠᠰᠠᠬᠤ ᠳᠤ ᠭᠦᠷᠳᠡᠯ᠎ᠡ ᠭᠢᠨᠠᠮᠠᠭᠠᠢ ᠰᠤᠷᠭᠠᠳᠠᠭ᠃ ᠬᠠᠷᠢᠨ ᠭᠡᠦᠭᠡᠡᠴᠦᠳ ᠶᠢᠡᠨ ᠪᠣᠯ ᠨᠤᠮᠤᠬᠠᠨ ᠰᠢᠳᠤᠷᠭᠤ᠂ ᠣᠬᠠᠭᠠᠨ ᠰᠠᠨᠠᠭ᠎ᠠ ᠲᠡᠶ᠂ ᠣᠢ᠌ᠯᠠ ᠣᠶᠤᠳᠠᠯ ᠳᠠᠭᠠᠨ ᠣᠷᠠᠨ ᠴᠢᠳᠠᠮᠠᠭᠠᠢ ᠪᠠᠢ᠌ᠬᠤ ᠶᠢ ᠭᠦᠰᠡᠳᠡᠭ᠌᠃ ᠮᠤᠩᠭ᠋ᠤᠯ ᠤᠨ ᠳᠡᠦᠭᠡᠨ ᠳᠤ ᠣᠶᠤᠳᠠᠯ ᠣᠷᠠᠯᠠᠯ ᠤᠨ ᠳᠤᠰᠬᠠᠢ ᠰᠤᠷᠭᠠᠭᠤᠯᠢ ᠭᠡᠵᠤ ᠪᠠᠢ᠌ᠳᠠᠭ ᠦᠭᠡᠶ᠃ ᠭᠡᠪᠠᠴᠤ ᠮᠤᠩᠭ᠋ᠤᠯ ᠭᠡᠦᠭᠡᠡᠴᠦᠳ 15-16 ᠭᠦᠷᠭᠦ ᠲᠡᠶ ᠵᠡᠷᠭᠡ ᠣᠶᠤᠳᠠᠯ ᠣᠷᠠᠯᠠᠯ ᠳᠤ ᠰᠢᠯᠭᠠᠷᠠᠵᠤ᠂ ᠡᠪᠦᠭᠡ ᠳᠡᠭᠡᠳᠦᠰ ᠶᠢᠡᠨ ᠭᠦᠡᠳᠦᠯᠡᠨ᠂ ᠠᠵᠤ ᠠᠮᠢᠳᠤᠷᠠᠯ ᠤᠨ ᠵᠠᠮ ᠮᠦᠷ ᠢ ᠡᠯᠭᠦᠵᠤ ᠬᠤᠰᠢᠭᠤ ᠠᠯᠤᠰ ᠠᠯᠳᠠᠷ ᠮᠠᠠᠳᠤᠳᠠᠭ᠃ ᠰᠠᠷᠵᠢᠮ᠎ᠠ ᠨᠥᠭᠦᠷ ᠤᠨ ᠳᠡᠭᠦᠪᠦᠷᠢ ᠳᠤ《ᠵᠡᠭᠦᠤ ᠶᠢ ᠶᠠᠭᠠᠭᠢᠵᠤ ᠰᠥᠪᠠᠯᠡᠭᠦ᠂ ᠬᠤᠷᠤᠭᠤᠪᠴᠢ ᠪᠠᠨ ᠪᠠᠷᠠᠭᠤᠨ ᠭᠠᠷ ᠤᠨ ᠳᠤᠯᠢᠶᠠᠪᠣᠷ ᠬᠤᠷᠤᠭᠤᠨ ᠳᠠᠭᠠᠨ ᠶᠠᠭᠠᠭᠢᠵᠤ ᠵᠡᠭᠦᠭᠦ᠂ ᠵᠡᠭᠦᠨ ᠭᠠᠷ ᠲᠠᠭᠠᠨ ᠶᠠᠮᠠᠷ ᠣᠶᠤᠳᠠᠯ ᠢ ᠶᠠᠭᠠᠭᠢᠵᠤ ᠪᠠᠷᠢᠬᠤ᠂ ᠶᠠᠮᠠᠷ ᠰᠠᠭᠤᠳᠠᠯ ᠶᠢᠡᠷ ᠰᠠᠭᠤᠬᠤ ᠵᠡᠷᠭᠡ ᠳᠤ ᠭᠦᠷᠳᠡᠯ᠎ᠡ ᠨᠢᠮᠪᠠᠢ ᠵᠢᠭᠠᠳᠠᠭ ᠪᠦᠭᠡᠤᠨ ᠭᠦᠰᠢᠭᠦ᠂ ᠰᠢᠳᠢᠭᠦ᠂ ᠰᠢᠷᠡᠭᠦ ᠡᠴᠡ ᠰᠢᠭᠯᠠᠬᠤ᠂ ᠨᠡᠪᠳᠡᠭᠡᠯᠡᠭᠦ᠂ ᠳᠠᠭᠤᠴᠠᠬᠤ ᠵᠥᠭ᠌᠂ ᠣᠭᠤᠰᠤᠷ ᠪᠦᠴᠡ ᠬᠠᠳᠠᠬᠤ᠂ ᠬᠠᠭᠠᠷᠬᠠᠢ ᠴᠤᠭᠤᠷᠬᠠᠢ ᠶᠢ ᠨᠥᠭᠦᠭᠦ ᠮᠠᠳᠤ ᠪᠠᠷ ᠠᠯᠬᠤᠮ ᠳᠠᠷᠠᠭ᠎ᠠ ᠲᠡᠶ ᠵᠢᠭᠠᠨ ᠰᠤᠷᠭᠠᠳᠠᠭ᠃ ᠠᠷᠪᠠᠨ ᠳᠠᠪᠣ ᠵᠢᠷᠭᠤᠭ᠎ᠠ ᠭᠦᠷᠳᠡᠯ᠎ᠡ ᠳᠠᠪᠠᠯ ᠦᠮᠦᠳᠦ ᠡᠰᠭᠡᠵᠤ ᠣᠶᠤᠬᠤ᠂ ᠭᠤᠳᠤᠯ ᠱᠠᠬᠠᠢ ᠶᠢᠨ ᠵᠤᠯᠤᠭ ᠳᠦᠷᠠᠢ ᠣᠶᠤᠵᠤ ᠡᠰᠭᠡᠭᠦ ᠶᠢ ᠪᠠᠷᠤᠭ ᠰᠤᠷᠴᠤ ᠠᠮᠵᠢᠳᠠᠭ᠃ ᠨᠠᠰᠤ ᠵᠢᠯ ᠨᠡᠮᠡᠭ᠍ᠳᠡᠭᠦ ᠶᠢ ᠳᠠᠭᠠᠯᠳᠤᠵᠤ ᠭᠡᠦᠭᠡᠡᠴᠦᠳ ᠣᠷᠠᠯᠠᠨ ᠵᠢᠷᠤᠬᠤ᠂ ᠣᠶᠤᠬᠤ᠂ ᠪᠦᠳᠦᠭᠡᠭᠦ ᠵᠡᠷᠭᠡ ᠨᠠᠷᠢᠨ ᠨᠢᠭᠳᠠ ᠭᠦᠴᠢᠷ ᠳᠦᠪᠠᠭ᠌ ᠲᠡᠶ ᠣᠢ᠌ᠯᠠ ᠣᠶᠤᠳᠠᠯ ᠢ ᠰᠤᠷᠴᠤ ᠡᠵᠡᠮᠰᠢᠳᠡᠭ᠌》 ᠭᠡᠵᠤ ᠵᠠᠷᠤᠳ ᠮᠤᠩᠭ᠋ᠤᠯᠴᠤᠳ ᠤᠨ ᠭᠡᠷ ᠤᠨ ᠰᠤᠷᠭᠠᠯ ᠤᠨ ᠠᠭᠤᠯᠭ᠎ᠠ ᠭᠡᠯᠪᠠᠷᠢ᠂ ᠶᠤᠰᠤ ᠣᠴᠢᠷ ᠢ ᠳᠡᠮᠳᠡᠭᠯᠡᠨ ᠳᠤᠭᠠᠴᠢᠭᠰᠠᠨ ᠪᠠᠢ᠌ᠨ᠎ᠠ᠃ ᠠᠷᠪᠠ ᠭᠠᠷᠤᠭᠰᠠᠨ ᠮᠤᠩᠭ᠋ᠤᠯ ᠭᠡᠦᠭᠡᠡᠴᠦᠳ ᠭᠡᠭᠡᠷ᠎ᠡ ᠭᠠᠳᠠᠨ᠎ᠠ ᠨᠠᠭᠠᠤᠠᠬᠤ ᠳᠠᠭᠠᠨ ᠵᠤᠵᠠᠭᠠᠨ ᠵᠥᠭᠡᠯᠡᠨ ᠨᠠᠪᠴᠢᠨ ᠳᠡᠭᠡᠷ᠎ᠡ ᠨᠠᠷᠢᠯᠢᠭ ᠮᠤᠳᠤ ᠪᠠᠷ《ᠬᠠᠤᠠᠬᠤᠵᠤ ᠪᠠᠢ᠌ᠨ᠎ᠠ᠂ ᠣᠶᠤᠵᠤ ᠪᠠᠢ᠌ᠨ᠎ᠠ》 ᠭᠡᠵᠤ ᠥᠷᠭᠦᠯᠵᠢ ᠣᠷᠠᠯᠠᠳᠠᠭ᠃ ᠡᠨᠡᠭᠦ ᠪᠣᠯᠪᠠᠰᠤᠷᠠᠯ ᠨᠢ ᠰᠢᠭᠤᠳ ᠵᠡᠭᠦᠤ ᠣᠳᠠᠰᠤᠨ ᠳᠤ ᠣᠷᠤᠭᠠᠤᠨ ᠪᠦᠳᠦᠭᠦᠯᠢᠭ᠌ ᠣᠢ᠌ᠯᠠ ᠣᠶᠤᠳᠠᠯ ᠡᠴᠡ ᠣᠷᠠᠯᠠᠨ ᠴᠢᠮᠡᠭᠯᠡᠭᠦ ᠣᠶᠤᠳᠠᠯ ᠥᠭᠡᠳᠡ ᠳᠠᠪᠰᠢᠳᠠᠭ᠃
ᠵᠠᠷᠤᠳ ᠪᠦᠰᠡᠭᠦᠢᠴᠦᠳ ᠤᠨ ᠳᠤᠷᠠᠳᠤᠭᠤᠰᠢᠳᠠᠢ ᠪᠠᠰᠠ ᠨᠢᠭᠡ ᠵᠣᠢ᠌ᠯ ᠤᠨ ᠰᠠᠢ᠌ᠨ ᠰᠠᠢ᠌ᠬᠠᠨ ᠵᠠᠩᠰᠢᠯ ᠭᠡᠪᠠᠯ᠂ ᠭᠡᠵᠢᠶ᠎ᠡ ᠬᠠᠮᠢᠭ᠎ᠠ᠂ ᠶᠠᠮᠠᠷ ᠨᠢᠭᠡᠨ ᠠᠢ᠌ᠯ ᠳᠤ ᠭᠣᠢ᠌ᠳᠠ ᠰᠠᠢ᠌ᠬᠠᠨ ᠵᠢᠷᠤᠭ ᠤᠨ ᠥᠯᠢᠭᠡᠷ᠂ ᠭᠡᠪ ᠳᠦᠷᠰᠦ ᠪᠠᠢ᠌ᠨ᠎ᠠ ᠭᠡᠵᠤ ᠰᠤᠨᠤᠰᠪᠠᠯ ᠳᠠᠷᠠ ᠳᠠᠷᠤᠢ ᠡᠷᠢᠵᠤ ᠣᠴᠢᠭᠠᠤᠨ ᠠᠮᠠᠨ ᠬᠠᠳᠠᠭ ᠪᠣᠶᠤ ᠬᠤᠷᠤᠳ ᠳᠤᠰᠤ ᠪᠠᠨ ᠪᠠᠯᠡᠭᠯᠡᠵᠤ ᠣᠷᠠᠨ ᠵᠢᠷᠤᠭ ᠤᠨ ᠭᠡᠪ ᠠᠪᠣᠭᠠᠤᠨ᠂ ᠣᠶᠤᠳᠠᠯ ᠤᠨ ᠵᠢᠷᠤᠭ ᠶᠡᠭᠦᠯᠡᠵᠤ ᠣᠶᠤᠳᠠᠯ ᠣᠷᠠᠯᠠᠯ ᠳᠠᠭᠠᠨ ᠣᠯᠠᠮ ᠨᠢᠭᠡ ᠥᠩᠭᠡ ᠪᠣᠳᠤᠭ ᠨᠡᠮᠡᠷᠢᠭᠦᠯᠳᠡᠭ᠌᠃
ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠤᠨ ᠭᠦᠭ᠍ᠵᠢᠯᠳᠡ ᠨᠢ ᠨᠤᠳᠤᠭ ᠣᠰᠤᠨ ᠤ ᠣᠯᠠᠮᠵᠢᠯᠠᠯᠳᠤ ᠵᠠᠩ ᠵᠠᠩᠰᠢᠯ ᠡᠴᠡ ᠵᠠᠢ᠌ᠯᠠᠰᠢ ᠦᠭᠡᠶ᠃ ᠰᠠᠷᠵᠢᠮ᠎ᠠ ᠨᠥᠭᠦᠷ ᠭᠦᠨ ᠳᠠᠯᠠᠢ ᠡᠴᠡ ᠰᠤᠪᠣᠤᠨ ᠱᠥᠭᠦᠭ᠍ᠰᠡᠨ ᠮᠠᠳᠤ ᠪᠠᠷ《ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ》 ᠢ ᠡᠮᠭᠢᠦᠡᠭᠡᠨ ᠴᠤᠭᠯᠠᠭᠤᠯᠵᠤ᠂ ᠰᠤᠳᠤᠯᠵᠤ ᠰᠢᠡᠵᠢᠯᠡᠭᠦ ᠰᠢᠨ᠎ᠠ ᠵᠠᠮ ᠢ ᠡᠯᠭᠦᠭ᠍ᠰᠡᠨ ᠶᠠᠪᠣᠳᠠᠯ ᠪᠣᠯ ᠵᠠᠷᠤᠳ ᠰᠤᠶᠤᠯ᠂ ᠣᠶᠤᠳᠠᠯ ᠣᠷᠠᠯᠠᠯ ᠢ ᠰᠤᠳᠤᠯᠬᠤ ᠳᠤ ᠵᠤᠭᠢᠬᠤ ᠭᠡᠮᠵᠢᠶᠡᠨ ᠤ ᠬᠤᠪᠢ ᠨᠠᠮᠠᠷᠢ ᠥᠵᠡᠭᠦᠯᠦᠭ᠍ᠰᠡᠨ ᠶᠢᠡᠷ ᠪᠠᠷᠠᠬᠤ ᠦᠭᠡᠶ ᠵᠠᠷᠤᠳ ᠮᠤᠩᠭ᠋ᠤᠯᠴᠤᠳ ᠤᠨ ᠣᠶᠤᠳᠠᠯ ᠣᠷᠠᠯᠠᠯ ᠤᠨ ᠳᠡᠦᠭᠡᠨ ᠳᠤ ᠠᠯᠳᠠᠷ ᠨᠠᠷᠠ ᠪᠠᠨ ᠮᠠᠠᠳᠤᠭᠤᠯᠬᠤ ᠶᠢ ᠪᠢ ᠪᠠᠳᠤ ᠢᠳᠡᠭᠡᠵᠤ ᠪᠠᠢ᠌ᠨ᠎ᠠ᠃
2006 ᠣᠨ 1ᠰᠠᠷᠠᠢ᠌ᠨ 14 ᠊ᠤ ᠡᠳᠦᠷ ᠪᠢᠴᠢᠪᠠᠢ
ᠵᠤᠬᠢᠶᠠᠭᠴᠢ ᠶᠢᠨ ᠬᠠᠶ᠋ᠢᠭ᠄ ᠲᠦᠩᠯᠢᠶᠤᠤ ᠬᠤᠳᠠ ᠶᠢᠨ ᠣᠷᠠᠨ ᠵᠤᠬᠢᠶᠠᠯ ᠣᠷᠠᠯᠢᠭ ᠢ ᠰᠤᠳᠤᠯᠬᠤ ᠭᠠᠵᠠᠷ
ᠵᠤᠬᠢᠶᠠᠭᠴᠢ᠄ ᠰᠠᠮᠪᠠᠯᠨᠤᠷᠪᠤ
ᠢᠷᠡᠯᠲᠡ᠄ ᠲᠤᠰ ᠰᠦᠯᠵᠢᠶ᠎ᠡ
ᠬᠠᠷᠢᠶ᠎ᠠ᠄
ᠥᠭᠥᠯᠡᠯ ᠰᠢᠭᠦᠮᠵᠢᠳᠠᠷᠤᠮ᠄ 12195
ᠴᠠᠭ᠄ 2006 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ