☆ ᠳᠤᠷ᠎ᠠ
ᠳᠤᠷᠠᠰᠤᠯ ᠳᠤ ᠮᠥᠩᠭᠡᠷᠡᠭᠦ ᠨᠤᠳᠤᠭ
ᠨᠠᠮᠬᠠᠨ ᠭᠦᠳᠦᠯ ᠤᠨ ᠣᠷᠤᠢ ᠳᠡᠭᠡᠷ᠎ᠡ ᠡᠵᠢ ᠶᠢᠨ ᠮᠢᠨᠢ ᠪᠠᠷ᠎ᠠ ᠪᠦᠷᠳᠥᠢᠭᠦ ᠰᠢᠭ᠌ ᠪᠣᠯᠬᠤ ᠪᠠᠷ ᠪᠢ ᠶᠠᠭᠤ ᠶᠢ ᠴᠤ ᠬᠠᠢ᠌ᠬᠤᠷᠤᠯ ᠦᠭᠡᠶ ᠨᠤᠳᠤᠭ ᠶᠢᠡᠨ ᠵᠤᠷᠢᠯ᠎ᠠ᠃ ᠶᠠᠭ ᠯᠠ ᠵᠠᠯᠠᠭᠤ ᠴᠠᠭ ᠤᠨ ᠭᠡᠨᠡᠨ ᠵᠠᠩ ᠶᠢᠡᠷ ᠶᠢᠡᠨ ᠬᠠᠠᠳᠤᠭᠰᠠᠨ ᠵᠥᠭ᠌ ᠲᠤ ᠪᠠᠨ ᠭᠠᠷᠤᠭᠠᠤᠨ ᠯᠠ ᠭᠦᠳᠡᠯᠪᠡ᠃
ᠵᠤᠨ ᠴᠠᠭ ᠤᠨ ᠭᠦᠳᠡᠭᠡ ᠨᠤᠳᠤᠭ ᠨᠤᠭᠤᠭᠠᠨ ᠭᠦᠷᠮ᠎ᠡ ᠪᠠᠨ ᠭᠡᠳᠦᠷᠴᠤ᠂ ᠠᠯᠤᠰ ᠤᠨ ᠳᠡᠭ᠍ᠷᠢ ᠨᠠᠯᠠᠤ ᠳᠤ ᠪᠠᠨ ᠭᠦᠭᠡᠷᠡᠨ ᠪᠠᠢ᠌ᠭᠠᠯᠢ ᠶᠢᠨ ᠠᠯᠢᠪᠠ ᠭᠠᠢ᠌ᠬᠠᠮᠰᠢᠭ ᠶᠢᠡᠨ ᠳᠡᠯᠭᠡᠨ ᠰᠡᠳᠭᠢᠯ ᠢ ᠠᠷᠭᠠᠳᠠᠨ᠎ᠠ᠃ ᠰᠠᠷ ᠰᠠᠷ ᠰᠠᠯᠭᠢᠨ᠂ ᠰᠡᠷᠪᠠᠢ᠌ᠭ᠍ᠰᠡᠨ ᠨᠤᠭᠤᠭᠠᠨ ᠡᠪᠠᠰᠤ᠂ ᠰᠠᠷᠠᠯᠠᠩ᠂ ᠪᠠᠷᠢ ᠴᠡᠴᠡᠭᠡᠰ᠂ ᠰᠠᠢ᠌ᠬᠠᠨ ᠠᠯᠠᠭ ᠡᠷᠪᠠᠭᠡᠢ᠂ ᠰᠠᠨᠠᠭ᠎ᠠ ᠳᠠᠪᠠᠳᠠᠢ ᠪᠠᠯᠴᠢᠭᠦ ᠬᠤᠨᠢᠳ ᠪᠣᠶᠤ ᠬᠠᠵᠠᠭᠤ ᠪᠠᠷ ᠬᠠᠶᠠ ᠵᠦᠷᠢᠯᠳᠦᠭᠦ ᠮᠠᠯᠴᠢᠳ ᠭᠡᠨ ᠨᠢ ᠴᠤ ᠪᠠᠶ᠎ᠠ ᠪᠠᠶᠠᠰ ᠶᠢᠡᠨ ᠳᠠᠭᠠᠯᠠᠨ ᠰᠢᠷᠳᠠᠵᠤ ᠠᠭᠤᠳᠠᠮ ᠳᠠᠯ᠎ᠠ ᠶᠢᠨ ᠶᠢᠡᠨ ᠳᠤᠯᠠᠭᠠᠨ ᠦᠷᠤᠴᠠᠨ ᠳᠤ ᠥᠩᠭᠡ ᠠᠶᠠᠰ ᠶᠢᠡᠨ ᠳᠠᠮᠠᠭᠠᠯᠠᠨ᠎ᠠ᠃ ᠡ᠊ᠨᠳᠡ ᠭᠦᠪᠦᠷᠡᠭᠦ ᠰᠠᠢ᠌ᠬᠠᠨ ᠬᠠᠢ᠌ᠷ᠎ᠠ ᠪᠠᠢ᠌ᠬᠤ ᠡᠴᠡ ᠪᠢᠰᠢ ᠭᠡᠨ ᠨᠢᠭᠡ ᠪᠠᠨ ᠦᠵᠡᠨ ᠶᠠᠳᠠᠭᠰᠠᠨ ᠪᠣᠶᠤ ᠭᠡᠯᠡᠵᠤ ᠪᠣᠯᠤᠮ᠎ᠠ ᠦᠭᠡᠶ ᠮᠠᠭᠤ ᠮᠠᠭᠤᠬᠠᠢ ᠭᠡᠵᠤ ᠦᠭᠡᠶ ᠴᠠᠪᠠᠷ ᠴᠤᠯᠭᠤᠢ᠃ ᠭᠦᠮᠤᠨ ᠳᠠᠮᠠᠴᠠᠵᠤ ᠴᠢᠷᠮᠠᠢ᠌ᠵᠤ᠂ ᠦᠷᠢᠰᠴᠤ ᠮᠠᠷᠠᠢ᠌ᠵᠤ ᠣᠳᠠᠬᠤ ᠪᠠᠷ ᠪᠠᠢ᠌ᠭᠠᠯᠢ ᠶᠢᠨ ᠠᠷᠢᠭᠤᠨ ᠢ ᠭᠦᠰᠡᠭᠦ ᠳᠤ ᠪᠠᠨ᠂ ᠡᠷᠭᠡ ᠴᠢᠯᠦᠭᠡᠨ ᠵᠥᠭ᠌ ᠳᠡᠮᠡᠤᠯᠭᠦ ᠳᠤ ᠪᠠᠨ ᠭᠦᠳᠡᠭᠡ ᠭᠡᠭᠡᠷ᠎ᠡ ᠵᠤᠭᠠᠴᠠᠳᠠᠭ ᠨᠢ ᠡᠨᠡ ᠣᠴᠢᠷ ᠪᠢᠰᠢ ᠭᠡᠵᠤ ᠦᠦ︖ ᠪᠢ ᠪᠣᠳᠤᠯ ᠤᠨ ᠵᠢᠯᠤᠭᠤ ᠪᠠᠨ ᠳᠤᠷ᠎ᠠ ᠪᠠᠷ ᠨᠢ ᠳᠠᠯᠪᠢᠨ᠂ ᠨᠢᠳᠤ ᠪᠠᠨ ᠴᠢᠯᠠᠳᠠᠯ᠎ᠠ ᠠᠯᠤᠰ ᠢ ᠰᠢᠷᠳᠠᠨ᠂ ᠴᠡᠭᠡᠵᠢ ᠪᠠᠨ ᠠᠭᠤᠵᠢᠷᠠᠳᠠᠯ᠎ᠠ ᠠᠯᠳᠠᠯᠠᠨ ᠰᠤᠨᠢᠶᠶᠠᠬᠤ ᠳᠤ ᠪᠠᠨ ᠠᠭᠤᠵᠢᠷᠠᠬᠤ ᠦᠭᠡᠶ ᠪᠠᠢ᠌ᠵᠤ ᠴᠢᠳᠠᠭᠰᠠᠨ ᠦᠭᠡᠶ᠃ ᠳᠠᠷᠠ ᠰᠠᠢ᠌ᠬᠠᠨ ᠭᠦᠮᠤᠨ ᠴᠤ ᠨᠠᠮ᠎ᠠ ᠶᠢ ᠪᠠᠨ ᠠᠷᠭᠠᠳᠠᠨ ᠠᠭᠤᠵᠢᠷᠠᠭᠤᠯᠳᠠᠭ ᠯᠠ ᠪᠠᠢ᠌ᠪᠠ᠃ ᠭᠡᠪᠠᠴᠤ ᠢᠩᠭᠢᠳᠠᠯ᠎ᠠ ᠠᠭᠤᠵᠢᠷᠠᠭᠠ ᠦᠭᠡᠶ ᠭᠡᠳᠡᠭ᠌ ᠢ ᠪᠢ ᠭᠡᠨ ᠡᠴᠡ ᠴᠤ ᠨᠢᠭᠤᠬᠤ ᠦᠭᠡᠶ᠃
ᠨᠤᠳᠤᠭ ᠢ ᠵᠤᠷᠢᠭᠰᠠᠨ ᠳᠠᠯ᠎ᠠ ᠶᠢᠨ ᠰᠢᠷ᠎ᠠ ᠵᠠᠮ ᠡᠮᠤᠨ᠎ᠡ ᠰᠤᠨᠤᠯᠵᠠᠨ ᠰᠤᠨᠤᠯᠵᠠᠨ᠎ᠠ᠃ ᠳᠡᠷᠡᠭᠡᠨ ᠳᠡᠷᠳᠡᠭᠡ ᠴᠠᠭ ᠲᠤ᠂ ᠪᠢ ᠠᠯᠤᠰ ᠤᠨ ᠠᠯᠤᠰ ᠲᠤ ᠮᠤᠷᠳᠠᠬᠤ ᠭᠦᠰᠡᠯ ᠳᠤ ᠪᠠᠨ ᠭᠦᠳᠦᠯᠦᠭ᠍ᠳᠡᠨ ᠡᠨᠡ ᠯᠠ ᠰᠢᠷ᠎ᠠ ᠵᠠᠮ ᠶᠢᠡᠷ ᠣᠯᠠᠨ ᠳᠠᠭᠢᠨ ᠵᠠᠮᠨᠠᠵᠤ ᠪᠠᠢ᠌ᠯ᠎ᠠ᠃ ᠳᠡᠭᠡᠭᠦ ᠳᠤ ᠠᠪᠣ ᠡᠵᠢ ᠮᠢᠨᠢ ᠦᠷ᠎ᠡ ᠨᠠᠮ᠎ᠠ ᠪᠠᠨ ᠭᠡᠷ ᠰᠤᠷᠭᠠᠭᠤᠯᠢ ᠬᠤᠶᠠᠷ ᠤᠨ ᠬᠤᠭᠤᠷᠤᠠᠳᠤ ᠡᠭᠡᠯᠵᠢᠯᠡᠨ ᠳᠤᠰᠴᠤ ᠭᠦᠷᠭᠡᠳᠡᠭ᠌ ᠪᠠᠢ᠌ᠪᠠ᠃ ᠳᠠᠷᠠ ᠦᠶ᠎ᠡ ᠳᠤ ᠠᠪᠣ ᠡᠵᠢ ᠮᠢᠨᠢ ᠵᠠᠯᠠᠭᠤ ᠪᠠᠢ᠌ᠭᠰᠠᠨ᠃ ᠭᠦᠤ ᠪᠠᠨ ᠠᠯᠤᠰ ᠲᠤ ᠮᠤᠷᠳᠠᠭᠤᠯᠬᠤ ᠭᠡᠵᠤ ᠣᠯᠤᠩ ᠢ ᠮᠢᠨᠢ ᠴᠢᠩᠭ᠋ᠠᠯᠠᠵᠤ ᠥᠭ᠍ᠳᠡᠭ᠌ ᠯᠠ ᠪᠠᠢ᠌ᠭᠰᠠᠨ᠃ ᠣᠳᠤ ᠭᠦᠤ ᠶᠢᠨ ᠶᠢᠡᠨ ᠪᠣᠴᠠᠭᠠᠤᠨ ᠣᠴᠢᠬᠤ ᠶᠢ ᠭᠦᠰᠡᠨ ᠭᠦᠰᠡᠨ ᠭᠦᠯᠢᠶᠡᠳᠡᠭ᠌ ᠪᠣᠯᠵᠠᠢ᠃ ᠡᠳᠦᠷ ᠬᠤᠨᠤᠭ ᠤᠨ ᠵᠠᠢ ᠳᠤ ᠭᠦᠮᠤᠨ ᠤ ᠠᠮᠢᠳᠤᠷᠠᠯ ᠢᠩᠭᠢᠵᠤ ᠯᠠ ᠭᠦᠢ ᠬᠤᠯᠪᠣᠭᠠᠨ ᠤ ᠭᠦᠰᠡᠯ ᠶᠢᠡᠷ ᠭᠡᠯᠭᠢᠭ᠍ᠳᠡᠳᠡᠭ᠌ ᠪᠠᠢ᠌ᠵᠤ ᠯᠠ ᠳ᠋ᠠ︕ ᠭᠡᠭᠦ ᠳᠤ ᠡᠭᠡ ᠣᠷᠤᠨ᠂ ᠨᠤᠳᠤᠭ ᠣᠰᠤ ᠬᠤᠶᠠᠷ ᠯᠠ ᠡᠨᠡ ᠪᠦᠭᠦᠨ ᠢ ᠥᠯᠡᠳᠡᠭᠡᠨ ᠬᠤᠴᠤᠷᠭᠠᠵᠤ ᠦᠶ᠎ᠡ ᠶᠢᠨ ᠦᠶ᠎ᠡ ᠳᠤ ᠣᠯᠠᠮᠵᠢᠯᠠᠨ ᠵᠠᠯᠭᠠᠭᠤᠯᠤᠨ᠎ᠠ᠃ ᠭᠦᠮᠤᠨ ᠳᠡᠭᠡᠭᠦ ᠳᠤ ᠦᠷ᠎ᠡ ᠬᠣᠢ᠌ᠴᠢᠰ ᠲᠤ ᠪᠠᠨ ᠣᠰᠤᠯᠳᠤᠬᠤ ᠦᠭᠡᠶ ᠭᠡᠵᠤ ᠦᠶ᠎ᠡ ᠶᠢᠨ ᠦᠶ᠎ᠡ ᠳᠤ ᠪᠠᠨ ᠴᠢᠷᠮᠠᠢ᠌ᠳᠠᠭ ᠪᠠᠢ᠌ᠪᠠ ᠰᠢᠤ︕
ᠣᠷᠤᠢ ᠳᠤ ᠨᠢ ᠭᠠᠷᠬᠤ ᠪᠣᠯᠭᠠᠨ ᠬᠤᠯᠠ ᠶᠢᠨ ᠬᠤᠯᠠ ᠶᠢ ᠰᠢᠷᠳᠡᠭᠦᠯᠳᠡᠭ᠌ ᠰᠠᠢ᠌ᠬᠠᠨ ᠭᠦᠭᠡ ᠠᠭᠤᠯᠠ ᠮᠢᠨᠢ ᠨᠤᠳᠤᠭ ᠤᠨ ᠵᠠᠮ ᠢ ᠭᠦᠳᠦᠯᠤᠨ ᠨᠠᠮ᠎ᠠ ᠶᠢ ᠣᠯᠠᠮ ᠡᠴᠡ ᠣᠯᠠᠮ ᠪᠠᠶ᠎ᠠ ᠵᠥᠭ᠌ ᠶᠢᠡᠨ ᠳᠠᠳᠠᠨ᠎ᠠ᠃ ᠡᠨᠡ ᠯᠠ ᠭᠦᠭᠡ ᠠᠭᠤᠯᠠᠨ ᠤ ᠪᠠᠨ ᠡᠩᠭᠡᠷ ᠬᠤᠷᠮᠤᠢ ᠪᠠᠷ ᠪᠢ ᠬᠠᠶᠠ ᠬᠠᠶᠠ ᠠᠪᠣ ᠪᠠᠨ ᠳᠠᠭᠠᠵᠤ ᠬᠤᠨᠢᠳ ᠶᠢᠡᠨ ᠪᠠᠯᠴᠢᠭᠡᠨ᠂ ᠪᠣᠳᠠ ᠰᠥᠭᠡᠭ᠌ ᠤᠨ ᠳᠤᠮᠳᠠᠭᠤᠷ ᠰᠥᠯᠵᠢᠭᠦ ᠳᠤ ᠪᠠᠨ ᠪᠣᠷᠤᠭᠠᠨ ᠳᠤ ᠴᠤ᠂ ᠴᠠᠰᠤᠨ ᠳᠤ ᠴᠤ᠂ ᠰᠠᠯᠭᠢᠨ ᠳᠤ ᠴᠤ᠂ ᠬᠠᠯᠠᠭᠤᠨ ᠳᠤ ᠴᠤ᠂ ᠭᠦᠢᠳᠡᠨ ᠳᠤ ᠴᠤ ᠡᠳᠦᠷ ᠠᠯᠭᠠᠰᠠᠯ ᠦᠭᠡᠶ ᠭᠦᠳᠡᠯᠮᠦᠷᠢᠯᠡᠳᠡᠭ᠌ ᠭᠦᠳᠡᠭᠡ ᠶᠢᠨ ᠮᠠᠯᠴᠢᠨ ᠢ ᠣᠯᠠᠮ ᠪᠢᠰᠢᠷᠡᠭᠦ ᠪᠣᠯᠵᠠᠢ᠃ ᠨᠠᠷᠠ ᠰᠠᠯᠭᠢᠨ ᠤ ᠦᠨᠦᠷ ᠨᠠᠪᠳᠠ ᠰᠢᠩᠭᠡᠭ᠍ᠰᠡᠨ ᠠᠪᠣ ᠳᠤ ᠮᠢᠨᠢ ᠪᠣᠷᠤᠩᠬᠠᠢ ᠰᠠᠨᠠᠭ᠎ᠠ᠂ ᠬᠤᠪᠳᠤᠭ ᠰᠡᠳᠭᠢᠯ ᠳᠠᠩᠴᠤ ᠣᠷᠭᠤᠭ᠎ᠠ ᠦᠭᠡᠶ ᠳ᠋ᠠ᠃ ᠪᠠᠢ᠌ᠳᠠᠭ ᠨᠢ ᠵᠥᠪᠭᠡᠨ ᠳᠠᠯ᠎ᠠ ᠪᠠᠨ ᠰᠢᠭ ᠠᠭᠤᠵᠢᠭᠤ ᠰᠡᠳᠭᠢᠯ᠂ ᠰᠠᠯᠭᠢ ᠪᠠᠨ ᠰᠢᠭ ᠴᠠᠪᠠᠷ ᠵᠠᠩ᠃ ᠦᠨᠦ ᠪᠢ ᠴᠢᠨᠢ ᠬᠤᠳᠠ ᠶᠢᠨ ᠭᠦᠯ ᠥᠢᠮᠡᠭᠡᠨ ᠳᠤ ᠳᠡᠪᠵᠢᠶᠡᠷᠡᠭ᠍ᠰᠡᠭᠡᠷ ᠪᠠᠢ᠌ᠵᠤ ᠬᠠᠢ᠌ᠷᠠᠳᠤ ᠠᠪᠣ ᠡᠵᠢ ᠲᠡᠶ ᠠᠭᠤᠯᠵᠠᠭ᠎ᠠ ᠦᠭᠡᠶ ᠣᠳᠠᠵᠤ ᠪᠠᠢ᠌ᠨ᠎ᠠ ᠰᠢᠤ︕ ᠭᠡᠷ ᠮᠢᠨᠢ ᠮᠦᠨ ᠳᠠᠠᠳᠠ ᠪᠠᠨ ᠳᠤᠷᠣᠢ᠌ᠵᠤ ᠯᠠ ᠪᠠᠢ᠌ᠭ᠎ᠠ︖ ᠬᠠᠢ᠌ᠷᠴᠠᠭ ᠰᠢᠭ ᠦᠷᠦᠭᠡᠨ ᠳᠤ ᠬᠤᠷᠢᠭᠳᠠᠭᠰᠠᠭᠠᠷ ᠪᠠᠢ᠌ᠵᠤ ᠪᠢ ᠴᠤ ᠶᠤᠰᠤᠳᠠᠢ ᠳᠦᠷᠪᠠᠨ ᠬᠠᠶᠠᠭ᠎ᠠ ᠡᠴᠡ ᠪᠣᠰᠤᠳ ᠢ ᠣᠯᠵᠤ ᠬᠠᠷᠠᠬᠤ ᠡᠴᠡ ᠥᠩᠭᠡᠷᠡᠵᠡᠢ᠃ ᠨᠤᠳᠤᠭ ᠡᠴᠡ ᠪᠠᠨ ᠬᠤᠯᠠᠳᠠᠵᠤ ᠬᠤᠳᠠ ᠶᠢᠨ ᠪᠣᠭᠢᠷ ᠠᠭᠠᠷ ᠲᠤ ᠪᠠᠭᠯᠠᠭᠳᠠᠭᠰᠠᠨ ᠭᠦᠮᠤᠨ ᠶᠠᠷᠤ ᠨᠢ ᠬᠤᠭᠤᠴᠠᠭ᠎ᠠ ᠬᠤᠪᠢᠶᠠᠨ ᠭᠦᠳᠡᠭᠡ ᠪᠠᠨ ᠡᠷᠭᠢᠵᠤ᠂ ᠳᠠᠯ᠎ᠠ ᠶᠢᠨ ᠶᠢᠡᠨ ᠴᠠᠪᠠᠷ ᠠᠭᠠᠷ ᠢ ᠬᠠᠠᠳᠠᠯ᠎ᠠ ᠠᠮᠢᠰᠬᠤᠯᠯᠠᠨ᠂ ᠳᠠᠯ᠎ᠠ ᠶᠢᠨ ᠶᠢᠡᠨ ᠠᠷᠢᠭᠤᠨ ᠰᠠᠯᠭᠢ ᠪᠠᠷ ᠡᠯᠢᠭᠡ ᠳᠤᠳᠤᠷ᠎ᠠ ᠠᠯᠢᠪᠠ ᠪᠠᠨ ᠥᠯᠢᠶᠡᠯᠭᠡᠨ ᠠᠷᠢᠭᠤᠰᠬᠠᠪᠠᠯ ᠵᠥᠭᠡᠷ ᠶᠤᠮ ᠰᠢᠭ᠌ ᠰᠠᠨᠠᠭᠳᠠᠯ᠎ᠠ᠃
ᠬᠤᠷᠢᠭ᠎ᠠ ᠦᠭᠡᠶ ᠰᠤᠨᠤᠯᠵᠠᠬᠤ ᠰᠢᠷ᠎ᠠ ᠵᠠᠮ ᠰᠡᠳᠭᠢᠯ ᠢ ᠠᠷᠭᠠᠮᠵᠢᠨ ᠭᠦᠳᠦᠯᠦᠭ᠍ᠰᠡᠭᠡᠷ ᠨᠠᠮ᠎ᠠ ᠶᠢ ᠪᠠᠨ ᠶᠠᠭᠤ ᠬᠠᠢ ᠦᠭᠡᠶ ᠬᠠᠳᠠᠨ ᠡᠩᠭᠡᠷ ᠤᠨ ᠪᠣᠯᠠᠭ ᠤᠨ ᠳᠡᠷᠭᠡᠳᠡ ᠠᠪᠣᠭᠠᠤᠨ ᠢᠷᠡᠴᠢᠭᠡᠯ᠎ᠡ᠃ ᠮᠢᠨᠤ ᠪᠠᠭᠤᠵᠤ ᠰᠠᠭᠤᠬᠤ ᠪᠦᠷᠢ ᠠᠩᠭ᠋ᠠᠭᠠ ᠪᠠᠨ ᠳᠠᠢ᠌ᠯᠳᠠᠭ ᠪᠣᠯᠠᠭ ᠤᠨ ᠮᠢᠨᠢ ᠣᠰᠤ ᠣᠤᠯ ᠵᠢᠰᠤ ᠪᠠᠷ ᠶᠢᠡᠨ᠃ ᠪᠢ ᠪᠣᠯᠠᠭ ᠤᠨ ᠳᠡᠷᠭᠡᠳᠡ ᠭᠡᠰᠡᠭ᠌ ᠰᠠᠭᠤᠯ᠎ᠠ᠃ ᠰᠤᠷᠤᠯᠭ᠎ᠠ ᠶᠢᠨ ᠠᠮᠠᠷᠠᠯᠳᠠ ᠪᠠᠨ ᠳᠠᠭᠤᠰᠬᠠᠨ ᠠᠯᠤᠰ ᠤᠨ ᠵᠠᠮ ᠢ ᠡᠯᠭᠦᠭᠦ ᠪᠣᠯᠭᠠᠨ ᠡᠵᠢ ᠮᠢᠨᠢ ᠡᠨᠡ ᠯᠠ ᠪᠣᠯᠠᠭ ᠤᠨ ᠳᠡᠷᠭᠡᠳᠡ ᠡᠴᠡ ᠨᠠᠮ᠎ᠠ ᠶᠢ ᠪᠠᠨ ᠮᠤᠷᠳᠠᠭᠤᠯᠳᠠᠭ ᠪᠢᠯᠠ᠃ ᠪᠢ ᠡ᠊ᠨᠳᠡ ᠡᠵᠢ ᠪᠠᠨ ᠪᠠᠶᠠᠷᠯᠠᠭᠤᠯᠵᠤ ᠪᠠᠰᠠ ᠭᠤᠮᠤᠳᠠᠭᠠᠵᠤ ᠯᠠ ᠪᠠᠢ᠌ᠯ᠎ᠠ ᠰᠢᠤ︕ ᠭᠤᠮᠤᠳᠠᠭᠠᠵᠤ ᠶᠠᠪᠣᠭᠰᠠᠨ ᠶᠢᠡᠨ ᠪᠣᠳᠤᠪᠠᠯ ᠦᠪᠡᠷ ᠢ ᠪᠠᠨ ᠪᠢ ᠠᠭᠤᠴᠢᠯᠠᠵᠤ ᠪᠣᠯᠤᠮᠠᠷ ᠦᠭᠡᠶ ᠶᠤᠮ᠃ ᠭᠡᠭᠦ ᠳᠤ ᠡᠵᠢ ᠮᠢᠨᠢ ᠣᠳᠤ ᠴᠤ ᠨᠠᠮ᠎ᠠ ᠶᠢ ᠪᠠᠨ ᠨᠢᠯᠬ᠎ᠠ ᠦᠷ᠎ᠡ ᠪᠠᠨ ᠰᠢᠭ᠌ ᠡᠩᠭᠦᠷᠡᠢ᠌ᠯᠡᠨ ᠰᠠᠨᠠᠭᠰᠠᠭᠠᠷ᠂ ᠥᠭᠦᠭᠡᠷᠳᠤᠨ ᠬᠠᠢ᠌ᠷᠠᠯᠠᠭᠰᠠᠭᠠᠷ᠃ ᠡᠵᠢ ᠮᠢᠨᠢ︕ ᠠᠷᠢᠭᠤᠨ ᠣᠭᠤᠷᠠᠭ ᠲᠤ ᠴᠢᠨᠢ ᠳᠡᠩᠭᠡᠷᠡᠵᠤ᠂ ᠰᠢᠮᠠᠳᠤ ᠰᠦᠨ ᠳᠤ ᠴᠢᠨᠢ ᠳᠤᠷᠪᠢᠵᠢᠭᠰᠠᠨ ᠦᠷ᠎ᠡ ᠴᠢᠨᠢ ᠳᠦᠭᠦᠭᠡ ᠦᠭᠡᠶ ᠪᠠᠭ᠎ᠠ ᠨᠠᠰᠤ ᠪᠠᠨ ᠠᠭᠤᠴᠢᠯᠠᠵᠤ ᠴᠢᠳᠠᠬᠤ ᠦᠭᠡᠶ᠃ ᠦᠨᠦᠳᠤᠷ᠂ ᠡᠳᠦᠷ ᠬᠤᠨᠤᠭ ᠭᠡᠵᠤ ᠭᠡᠵᠢᠶᠡᠳᠡ ᠪᠣᠴᠠᠵᠤ ᠠᠯᠬᠤᠳᠠᠭ ᠦᠭᠡᠶ ᠬᠤᠷᠸ᠎ᠠ ᠶᠢᠨ ᠬᠠᠳᠠᠭᠤ ᠵᠢᠮ᠎ᠠ ᠶᠢ ᠡᠭᠢᠯᠡᠨ ᠳᠠᠨᠢᠬᠤ ᠳᠤ᠂ ᠪᠢ ᠦᠪᠡᠷ ᠶᠢᠡᠨ ᠴᠤ ᠡᠭᠡ ᠪᠣᠯᠤᠨ ᠦᠷ᠎ᠡ ᠬᠡᠦᠬᠡᠳ ᠭᠡᠵᠤ ᠡᠳᠦᠷᠵᠢᠨ ᠮᠤᠩᠭ᠋ᠠᠨᠢᠭᠰᠠᠭᠠᠷ ᠡᠵᠢ ᠳᠠᠨ ᠳᠤ ᠪᠠᠨ ᠣᠯᠢᠭᠳᠠᠢ ᠨᠢᠭᠡ ᠡᠷᠡᠨ ᠤ ᠬᠠᠯᠠᠭᠤᠨ ᠬᠤᠭᠤᠯᠠ ᠴᠤ ᠪᠠᠯᠠᠳᠵᠤ ᠠᠮᠵᠢᠭ᠎ᠠ ᠦᠭᠡᠶ ᠶᠠᠪᠣᠨ᠎ᠠ᠃ ᠭᠡᠭᠦ ᠳᠤ ᠡᠵᠢ ᠮᠢᠨᠢ ᠦᠷ᠎ᠡ ᠨᠠᠳᠠ ᠡᠴᠡ ᠪᠠᠨ ᠶᠠᠭᠤ ᠭᠦᠰᠡᠪᠡ︖ ᠦᠷ᠎ᠡ ᠮᠢᠨᠤᠭᠢ ᠪᠠᠨ᠂ ᠪᠠᠰᠠ ᠦᠷ᠎ᠡ ᠶᠢᠨ ᠦᠷ᠎ᠡ ᠶᠢᠨ ᠶᠢᠡᠨ ᠰᠠᠢ᠌ᠨ ᠰᠠᠢ᠌ᠬᠠᠨ ᠥᠭᠡᠳᠡ ᠡᠰᠡᠷᠡᠭ᠌ ᠢ ᠯᠠ ᠠᠯᠤᠰ ᠤᠨ ᠠᠯᠤᠰ ᠡᠴᠡ ᠭᠦᠰᠡᠨ ᠪᠠᠷᠠᠯᠠᠨ᠎ᠠ᠃
ᠪᠢ ᠴᠠᠭᠠᠨᠠᠬᠠᠨ ᠪᠦᠷᠳᠦᠯᠵᠡᠭᠡ ᠭᠡᠷ ᠲᠡᠭᠡᠨ᠂ ᠭᠡᠷ ᠭᠠᠳᠠᠨ᠎ᠠ ᠪᠠᠨ ᠮᠤᠩᠭ᠋ᠠᠨᠢᠭᠠ ᠡᠵᠢ ᠳᠤ ᠪᠠᠨ ᠵᠤᠯᠭᠠᠬᠤ ᠪᠠᠷ ᠣᠰᠤᠯ ᠠᠯᠳᠠᠭ᠎ᠠ ᠶᠢ ᠰᠢᠭᠦᠯᠭᠡᠨ ᠳᠤᠩᠭ᠋ᠠᠯᠭᠠᠭᠰᠠᠨ ᠪᠣᠯᠠᠭ ᠡᠴᠡ ᠪᠠᠨ ᠠᠶᠠᠷᠯᠠᠨ ᠰᠠᠯᠵᠤ ᠵᠠᠮ ᠶᠢᠡᠨ ᠡᠯᠭᠦᠯ᠎ᠡ᠃ ᠪᠠᠭ᠎ᠠ ᠶᠢᠨ ᠣᠯᠠ ᠮᠦᠷ ᠢ ᠬᠤᠴᠤᠷᠤᠭᠠᠨ᠂ ᠳᠠᠷᠠ ᠯᠠ ᠵᠥᠭᠡᠯᠡᠨ ᠬᠠᠷᠠᠴᠠ ᠪᠠᠷ ᠶᠢᠡᠨ ᠣᠭᠳᠤᠭᠰᠠᠨ ᠰᠢᠷ᠎ᠠ ᠵᠠᠮ ᠮᠢᠨᠢ ᠄ 《ᠴᠢ ᠮᠢᠨᠢ ᠰᠠᠢ᠌ᠨ ᠢᠷᠠᠪᠠᠤ ︖》 ᠭᠡᠵᠤ ᠮᠦᠰᠢᠶᠠᠨ ᠮᠤᠷᠤᠯᠵᠠᠨᠠ᠃ ᠠᠢ᠌ᠯ ᠤᠨ ᠵᠡᠭᠦᠨ ᠵᠠᠬ᠎ᠠ ᠳᠤ ᠪᠠᠢ᠌ᠷᠢᠯᠠᠭᠰᠠᠨ ᠸᠠᠭᠠᠷ ᠤᠨ ᠭᠡᠷ ᠣᠳᠠ ᠮᠤᠳᠤᠳ ᠤᠨ ᠶᠢᠡᠨ ᠨᠦᠮᠦᠷᠢ ᠳᠤ ᠳᠡᠷᠡᠢ᠌ᠭ᠍ᠰᠡᠨ ᠭᠡᠪ ᠶᠢᠡᠷ ᠶᠢᠡᠨ᠂ ᠬᠠᠰᠢᠶᠠᠨ ᠳᠤ ᠨᠢ ᠵᠢᠮᠢᠰ ᠤᠨ ᠣᠯᠠᠨ ᠮᠤᠳᠤ ᠵᠢᠭ᠍ᠳᠡᠷᠡᠨᠡ᠃ ᠠᠯᠬᠤᠮ ᠮᠢᠨᠢ ᠦᠵᠡᠳᠠᠯ᠎ᠠ ᠳᠦᠷᠭᠡᠰᠦᠯᠡ᠃ ᠣᠳᠤ ᠭᠤᠷᠪᠠᠬᠠᠨ ᠭᠡᠷ ᠠᠯᠤᠰᠯᠠᠨ ᠬᠣᠢ᠌ᠰᠢ ᠵᠠᠭᠤᠭᠠᠳᠬᠠᠨ ᠠᠯᠬᠤᠪᠠᠯ ᠣᠯᠠᠭᠠᠨ ᠸᠠᠭᠠᠷ ᠤᠨ ᠣᠷᠤᠢ ᠲᠡᠶ ᠳᠦᠷᠪᠠᠨ ᠳᠠᠰᠤᠯᠭ᠎ᠠ ᠭᠡᠷ ᠲᠤ ᠪᠠᠨ ᠭᠦᠷᠴᠢᠭᠡᠨ᠎ᠡ᠃ 《ᠠᠪᠣ ᠴᠢᠨᠢ ᠵᠡᠭᠦᠨ ᠬᠠᠰᠢᠶᠠᠨ ᠳᠤ ᠪᠠᠨ ᠪᠠᠰᠠ ᠨᠢᠭᠡ ᠰᠠᠭᠤᠷᠢ ᠢᠩᠳᠤᠤᠷ ᠤᠨ ᠮᠤᠳᠤ ᠨᠠᠮᠠᠨ ᠰᠠᠭᠤᠯᠭᠠᠵᠤ᠂ ᠪᠠᠷᠠᠭᠤᠨ ᠬᠠᠰᠢᠶᠠᠨ ᠳᠤ ᠪᠠᠨ ᠪᠠᠰᠠ ᠭᠡᠳᠤ ᠭᠡᠳᠤᠨ ᠰᠠᠭᠤᠷᠢ ᠳᠤᠭᠤᠷ ᠤᠨ ᠮᠤᠳᠤ ᠨᠠᠮᠠᠨ ᠰᠠᠭᠤᠯᠭᠠᠯᠡ》 ᠭᠡᠵᠤ ᠡᠵᠢ ᠮᠢᠨᠢ ᠣᠳᠠᠰᠤ ᠪᠠᠷ ᠶᠠᠷᠢᠵᠤ ᠪᠠᠢ᠌ᠭᠰᠠᠨ᠃ ᠡᠵᠢ ᠮᠢᠨᠢ ᠪᠠᠰᠠ ᠄ 《ᠡᠨᠡ ᠬᠠᠪᠣᠷ ᠮᠤᠬᠤᠷ ᠰᠡᠭᠦᠯᠳᠤ ᠡᠴᠡ ᠪᠣᠰᠤᠳ ᠨᠢ ᠪᠦᠷ ᠲᠦᠯᠯᠡᠭ᠍ᠰᠡᠨ᠂ ᠪᠣᠷᠤ ᠳᠤᠯᠤᠭᠠᠢ᠌ᠳᠤ ᠪᠦᠷ ᠢᠭᠢᠷ᠎ᠠ ᠲᠦᠯᠯᠡᠭ᠍ᠰᠡᠨ᠂ ᠬᠠᠪᠣᠷ ᠬᠤᠷ᠎ᠠ ᠲᠡᠶ ᠪᠣᠯᠬᠤᠷ ᠨᠤᠭᠤᠭ᠎ᠠ ᠴᠤ ᠡᠷᠳᠡ ᠭᠠᠷᠤᠭᠰᠠᠨ》 ᠭᠡᠵᠤ ᠶᠠᠷᠢᠵᠤ ᠪᠠᠢ᠌ᠭᠰᠠᠨ᠃ ᠡᠵᠢ ᠮᠢᠨᠢ ᠬᠤᠷᠠᠭ᠎ᠠ ᠮᠤᠷᠠᠭᠠ ᠭᠡᠵᠤ ᠶᠠᠭᠠᠭᠢᠵᠤ ᠯᠠ ᠮᠤᠩᠭ᠋ᠠᠨᠢᠵᠤ ᠪᠠᠢ᠌ᠭ᠎ᠠ ᠪᠣᠯ ᠭᠡᠭᠦ ᠡᠴᠡ ᠪᠢ ᠨᠡᠮᠡᠭ᠍ᠳᠡᠭ᠍ᠰᠡᠨ ᠪᠦᠭᠦᠨ ᠢ ᠨᠢ ᠰᠤᠨᠢᠷᠬᠠᠬᠤ ᠡᠴᠡ ᠨᠠᠩ ᠢᠯᠡᠭᠦᠤ ᠡᠵᠢ ᠳᠤ ᠪᠠᠨ ᠡᠷᠭᠡᠯᠡᠩᠭᠡᠨ ᠵᠤᠯᠭᠠᠬᠤ ᠭᠡᠵᠤ ᠭᠦᠶᠦᠭᠦ ᠰᠢᠬᠠᠮ ᠳᠦᠷᠭᠡᠯᠡᠯᠡ᠃
ᠵᠤᠬᠢᠶᠠᠭᠴᠢ ᠶᠢᠨ ᠬᠠᠶᠢᠭ ᠄ ᠬᠤᠤᠯᠢᠩᠭ᠋ᠤᠤᠯ
ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6191
ᠴᠠᠭ᠄ 2011 ᠤᠨ ᠤ 01 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ