ᠨᠡᠪᠲᠡᠷᠡᠨ ᠤᠷᠤᠬᠤ
ᠨᠠᠮ᠎ᠠ ᠶᠢ ᠮᠤᠩᠭ᠋ᠤᠯ ᠭᠡᠳᠡᠭ᠌

ᠨᠠᠮ᠎ᠠ ᠶᠢ ᠮᠤᠩᠭ᠋ᠤᠯ ᠭᠡᠳᠡᠭ᠌ —

ᠨᠢ᠋ᠮᠠᠨ ᠵᠠᠭᠤᠨ ᠤ ᠳᠡᠷᠳᠡᠭᠡ ᠳ᠋ᠠᠭᠢ ᠰᠤᠤᠳᠤ ᠴᠢᠩᠭᠢᠰ ᠤᠨ ᠬᠣᠢ᠌ᠴᠢᠰ ᠭᠡᠳᠡᠭ᠌

ᠨᠠᠪᠴᠢᠨ ᠴᠢᠭᠢᠳᠠᠢ ᠮᠤᠷᠢᠳ ᠤᠨ ᠶᠢᠡᠨ ᠨᠢᠷᠤᠭᠤᠨ ᠳ᠋ᠤᠨᠢ ᠮᠠᠠᠳᠤᠵᠤ

ᠨᠠᠷᠠᠯᠠᠭ ᠡᠨᠡᠭᠡᠨ ᠬᠤᠷᠸ᠎ᠠ ᠳᠤ ᠠᠯᠳᠠᠷ ᠶᠢᠡᠨ ᠳᠠᠭᠤᠷᠢᠰᠤᠭᠤᠯᠤᠭᠰᠠᠨ ᠠᠭᠤᠤ ᠮᠤᠩᠭ᠋ᠤᠯ ᠤᠨ ᠦᠷᠡᠰ ᠭᠡᠳᠡᠭ᠌︕

ᠨᠠᠮ᠎ᠠ ᠶᠢ ᠮᠤᠩᠭ᠋ᠤᠯ ᠭᠡᠳᠡᠭ᠌ —

ᠨᠠᠷᠠᠨ ᠤ ᠠᠯᠳᠠᠨ ᠰᠠᠴᠤᠷᠠᠭ ᠢ ᠳᠡᠭᠡᠵᠢᠯᠡᠵᠤ ᠭᠦᠷᠳᠡᠳᠡᠭ᠌ ᠮᠤᠩᠭ᠋ᠤᠯ ᠣᠷᠤᠨ ᠤ ᠭᠦᠤ ᠭᠡᠳᠡᠭ᠌

ᠨᠠᠢ᠌ᠷ ᠳᠤᠨᠢ ᠭᠤᠷᠪᠠᠨ ᠳᠠᠭᠤᠤ ᠰᠢᠩᠭᠡᠵᠤ

ᠨᠠᠭᠠᠳᠤᠮ ᠳ᠋ᠤᠨᠢ ᠭᠤᠷᠪᠠᠨ ᠰᠤᠷᠢᠭ᠎ᠠ ᠠᠭᠤᠰᠤᠭᠰᠠᠨ ᠨᠠᠷᠭᠢᠶᠠᠠᠳᠤ ᠮᠤᠩᠭ᠋ᠤᠯ ᠤᠨ ᠣᠳᠤᠮ ᠭᠡᠳᠡᠭ᠌︕

ᠨᠠᠮ᠎ᠠ ᠶᠢ ᠮᠤᠩᠭ᠋ᠤᠯ ᠭᠡᠳᠡᠭ᠌ —

ᠬᠤᠭᠤᠷ ᠤᠨ ᠬᠤᠤᠰ ᠴᠢᠪᠬᠠᠳᠠᠰᠤ ᠪᠠᠷ ᠬᠤᠷᠸ᠎ᠠ ᠡᠵᠢ ᠶᠢ ᠣᠶᠠᠷᠠᠭᠤᠯᠤᠭᠰᠠᠨ ᠳᠠᠭᠤᠴᠢ ᠮᠤᠩᠭ᠋ᠤᠯ ᠤᠨ ᠭᠦᠪᠠᠭᠦᠨ ᠭᠡᠳᠡᠭ᠌

ᠬᠤᠷᠳᠤᠨ ᠴᠢᠭᠢᠷᠠᠭ ᠮᠤᠷᠢᠳ ᠡᠴᠡ ᠳᠦᠷᠦᠭᠦᠯᠵᠤ

ᠬᠤᠳᠠᠯᠠ ᠳᠤ ᠠᠯᠳᠠᠷᠳᠠᠢ ᠨᠠᠢ᠌ᠷᠠᠭᠴᠢ ᠳᠦᠷᠦᠳᠡᠭ᠌ ᠭᠡᠯᠮᠦᠷᠴᠢ ᠮᠤᠩᠭ᠋ᠤᠯ ᠤᠨ ᠳᠠᠰᠤᠷᠬᠠᠢ ᠭᠡᠳᠡᠭ᠌︕

ᠨᠠᠮ᠎ᠠ ᠶᠢ ᠮᠤᠩᠭ᠋ᠤᠯ ᠭᠡᠳᠡᠭ᠌ —

ᠳᠠᠷᠠᠭ ᠠᠢ᠌ᠷᠠᠭ ᠬᠠᠩᠬᠤᠯᠤᠭᠰᠠᠨ ᠳᠠᠷᠭᠤᠨ ᠣᠷᠤᠨ ᠤ ᠭᠦᠤ ᠭᠡᠳᠡᠭ᠌

ᠳᠠᠩᠰᠤᠭ ᠣᠷᠳᠤ ᠶᠢᠨ ᠳᠠᠭᠤᠤ ᠪᠠᠨ ᠳᠠᠭᠤᠯᠠᠵᠤ

ᠳᠠᠪᠠᠳᠠᠢ ᠰᠠᠭᠠᠳᠠᠵᠤ ᠠᠶᠠᠳᠠᠢ ᠡᠭᠡᠰᠢᠭᠯᠡᠭ᠍ᠰᠡᠨ ᠮᠤᠩᠭ᠋ᠤᠯ ᠭᠦᠮᠤᠨ ᠤ ᠦᠷ᠎ᠡ ᠭᠡᠳᠡᠭ᠌︕

ᠭᠡᠩᠭᠦᠳᠡᠭ᠌ ᠳᠤᠳᠤᠷ᠎ᠠ ᠪᠠᠨ ᠳᠦᠭ᠍ᠰᠢᠭᠦ ᠵᠢᠷᠦᠭᠡ ᠮᠢᠨᠢ ᠮᠤᠩᠭ᠋ᠤᠯ ᠪᠣᠯᠬᠤᠷ

ᠭᠦᠮᠤᠨ ᠤ ᠦᠪᠡᠷ ᠤᠨ ᠭᠢ ᠳᠤ ᠬᠠᠠᠳᠤᠭᠰᠠᠨ ᠰᠡᠳᠭᠢᠯ ᠮᠢᠨᠢ ᠮᠤᠩᠭ᠋ᠤᠯ ᠪᠣᠯᠬᠤᠷ

ᠭᠦᠷᠳᠡᠵᠤ ᠵᠠᠯᠭᠠᠵᠤ ᠶᠠᠪᠣᠬᠤ ᠵᠠᠩᠰᠢᠯ ᠮᠢᠨᠢ ᠮᠤᠩᠭ᠋ᠤᠯ ᠪᠣᠯᠬᠤᠷ

ᠭᠦᠪᠴᠢᠨ ᠳᠡᠯᠡᠭᠡᠢ ᠶᠢᠨ ᠬᠠᠮᠢᠭ᠎ᠠ ᠭᠦᠷᠦᠭ᠍ᠰᠡᠨ ᠴᠤ ᠭᠦᠮᠤᠨ ᠪᠦᠭᠦᠨ ᠨᠠᠮ᠎ᠠ ᠶᠢ ᠮᠤᠩᠭ᠋ᠤᠯ ᠭᠡᠨ᠎ᠡ︕

ᠵᠤᠬᠢᠶᠠᠭᠴᠢ᠄ ᠪᠠᠯᠴᠢᠷᠤᠳ ᠡᠷᠭᠢᠮᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3891
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ