ᠨᠡᠪᠲᠡᠷᠡᠨ ᠤᠷᠤᠬᠤ
ᠪᠠᠢ᠌ᠭᠠᠯᠢ ᠳᠤ ᠨᠢ ᠪᠣᠴᠠᠭᠠᠶ᠎ᠠ

ᠪᠠᠢ᠌ᠭᠠᠯᠢ ᠨᠤᠭᠤᠭᠠᠨ ᠶᠠᠷᠳᠢᠠᠴᠤ ᠶᠢᠨ

ᠴᠡᠴᠡᠭ᠌ ᠤᠨ ᠡᠮᠵᠡᠭ᠍ᠭᠡᠨ ᠳᠠᠭᠤᠯᠠᠯ

ᠪᠣᠭᠤᠨᠢ ᠰᠠᠷᠠᠪᠴᠢᠳᠤ ᠪᠦᠷᠭᠡ ᠶᠢᠨ ᠮᠢᠨᠢ

ᠰᠢᠯᠦᠭ᠌ ᠤᠨ ᠣᠮᠳᠠᠳᠤ ᠷᠠᠰᠢᠶᠠᠨ

ᠮᠦᠷᠦᠭᠡᠳᠦᠯ ᠳᠠᠮᠨᠠᠭᠰᠠᠨ ᠠᠮᠢᠳᠤᠷᠠᠯ ᠤᠨ

ᠮᠥᠴᠢᠳᠭᠡᠨ ᠵᠠᠶᠠᠭᠠᠨ ᠤ ᠭᠡᠶ‍ᠦᠷᠭᠡᠯ

ᠮᠥᠩᠭᠡ ᠳᠡᠭ᠍ᠷᠢ ᠶᠢᠨ ᠳᠤᠤᠷ᠎ᠠ

ᠵᠤᠠᠰᠢᠵᠤ ᠣᠯᠠᠷᠢᠭᠰᠠᠨ ᠮᠥᠴᠢᠯᠭᠡ

ᠠᠯᠢᠶ᠎ᠠ ᠨᠢᠯᠬᠠᠷᠠᠭ ᠳᠦᠷᠢ ᠵᠢᠨ ᠴᠢᠨᠢ

ᠰᠤᠯᠤᠩᠭ᠋ᠠᠨ ᠳᠤ ᠨᠢ ᠰᠤᠭᠳᠤᠭᠤᠷᠠᠵᠤ ᠶᠠᠪᠣᠭᠰᠠᠨ

ᠰᠤᠪᠣᠵᠤ ᠴᠤᠪᠣᠷᠠᠬᠤ ᠰᠢᠯᠦᠭ᠌ ᠤᠳ ᠤᠨ ᠮᠢᠨᠢ

ᠰᠢᠮ᠎ᠠ ᠪᠠᠷ ᠳᠤᠳᠠᠭᠤᠯᠤᠭ᠎ᠠ ᠦᠭᠡᠶ ᠣᠮᠳᠠ

ᠮᠢᠩᠭ᠋ᠠᠨ ᠭᠠᠵᠠᠷ ᠤᠨ ᠠᠭᠤᠯᠠ ᠣᠰᠤᠨ

ᠮᠦᠷᠦᠭᠡᠳᠦᠯ ᠤᠨ ᠰᠠᠢ᠌ᠬᠠᠨ ᠣᠷᠤᠨ ᠪᠠᠢ᠌ᠯ᠎ᠠ

ᠮᠢᠨᠤ ᠵᠥᠭ᠌ ᠲᠤ ᠨᠢᠰᠴᠤ ᠢᠷᠡᠳᠡᠭ᠌

ᠰᠡᠳᠭᠢᠯ ᠤᠨ ᠴᠡᠩᠭᠡᠷ ᠢᠷᠭᠤᠢ ᠪᠠᠢ᠌ᠯ᠎ᠠ

ᠡᠷᠳᠡᠨᠢᠳᠤ ᠶ‍ᠢᠰᠤᠨ ᠭᠦᠰᠡᠯ ᠤᠨ

ᠵᠢᠭᠦᠷ ᠲᠤ ᠨᠢ ᠳᠡᠷᠪᠠᠳᠡᠭ᠌ ᠡᠷᠪᠠᠭᠡᠢ ᠪᠠᠢ᠌ᠯ᠎ᠠ

ᠡᠰᠡᠨ ᠮᠠᠠᠳᠤ ᠶᠢᠨ ᠵᠠᠶᠠᠭᠠᠨ ᠤ

ᠳᠡᠭ᠍ᠷᠢ ᠶᠢᠨ ᠠᠯᠪᠠᠳᠤ ᠡᠯᠴᠢ ᠪᠠᠢ᠌ᠯ᠎ᠠ

ᠪᠣᠮ ᠴᠡᠴᠡᠭᠡᠰ ᠤᠨ

ᠭᠤᠸᠠᠯᠢᠭ ᠰᠠᠢ᠌ᠬᠠᠨ ᠣᠬᠠᠭᠠᠯᠢᠭ ᠢ

ᠪᠣᠳᠤᠯ ᠳᠤ ᠪᠠᠨ ᠭᠡᠮᠨᠡᠨ

ᠮᠢᠩᠭ᠋ᠠᠨ ᠬᠠᠪᠣᠷ ᠣᠮᠳᠠᠯᠠᠭᠳᠠᠬᠤ ᠶᠤᠮ

ᠪᠠᠢ᠌ᠭᠠᠯᠢ ᠴᠢᠮ᠎ᠠ ᠡᠴᠠ

ᠭᠦᠰᠡᠭ᠍ᠰᠡᠨ ᠶᠢᠡᠨ ᠪᠢ ᠠᠪᠴᠢᠬᠠᠭᠰᠠᠨ

ᠪᠣᠳᠤᠯ ᠶᠢᠡᠷ ᠶᠢᠡᠨ ᠪᠠᠢ᠌ᠯᠭᠠᠵᠤ

ᠪᠠᠢ᠌ᠭᠠᠯᠢ ᠳᠤ ᠨᠢ ᠴᠢᠮ᠎ᠠ ᠶᠢ ᠪᠣᠴᠠᠭᠠᠶ᠎ᠠ

ᠣᠬᠤᠷ ᠮᠥᠴᠢᠳᠭᠡᠨ ᠠᠮᠢᠳᠤᠷᠠᠯ ᠳᠤ ᠴᠤ

ᠥᠭ᠍‍ᠭᠢᠶᠡᠮᠦᠷ ᠤᠨ ᠡᠯᠪᠠᠭ᠌ ᠲᠤ ᠵᠢᠷᠭᠠᠯ᠎ᠠ

ᠣᠳᠤᠳᠤ ᠣᠷᠴᠢᠯᠠᠩ ᠤᠨ ᠰᠠᠷᠠᠨ ᠳᠤ

ᠰᠦᠨᠢ ᠶᠢᠨ ᠭᠦᠨ ᠣᠢ᠌ᠳᠬᠤ ᠪᠠᠷ ᠦᠭᠡᠶ

ᠬᠠᠷᠠᠮᠴᠢ ᠰᠡᠳᠭᠢᠯ ᠶᠢᠡᠨ ᠬᠤᠷᠢᠶᠠᠵᠤ

ᠬᠠᠢ᠌ᠷᠬᠠᠨ ᠠᠭᠤᠯᠠᠨ ᠳᠤ ᠴᠢᠨᠢ ᠪᠣᠴᠠᠭᠠᠶ᠎ᠠ

ᠭᠡᠵᠢᠶ᠎ᠡ ᠬᠣᠢ᠌ᠨ᠎ᠠ ᠳᠡᠯᠭᠡᠷᠡᠰᠢᠭᠦ

ᠪᠦᠳᠦᠭᠡᠯ ᠢ ᠴᠢᠨᠢ ᠨᠠᠮᠠᠠᠴᠢᠯᠠᠨ ᠳᠠᠭᠠᠳᠬᠠᠶ᠎ᠠ

ᠥᠪᠠᠷᠳᠡᠭᠡᠨ ᠣᠩᠰᠢᠬᠤ ᠭᠠᠭᠴᠠ ᠨᠤᠮ ᠶᠢᠡᠨ

ᠡᠪᠦᠷ ᠳᠤᠳᠤᠷ᠎ᠠ ᠪᠠᠨ ᠡᠷᠭᠢᠭᠦᠯᠵᠤ ᠰᠠᠭᠤᠶ᠎ᠠ

ᠥᠳᠡᠯᠦᠭ᠍ᠰᠡᠨ ᠬᠣᠢ᠌ᠨ᠎ᠠ ᠪᠠᠨ ᠵᠢᠷᠭᠠᠳᠠᠭ ᠤᠨ ᠣᠴᠢᠷ ᠢ

ᠪᠠᠢ᠌ᠭᠠᠯᠢ ᠪᠠᠨ ᠬᠠᠷᠠᠨ ᠵᠠᠯᠠᠭᠤᠵᠢᠵᠤ ᠦᠵᠡᠶ᠎ᠠ︕


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2011 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ