ᠨᠡᠪᠲᠡᠷᠡᠨ ᠤᠷᠤᠬᠤ
ᠭᠡᠭᠡᠨ ᠨᠠᠷᠠᠨ ᠡᠴᠠ ᠭᠡᠷᠡᠯ ᠭᠤᠶᠤᠵᠤ ᠰᠢᠯᠦᠭ᠌ ᠪᠢᠴᠢᠳᠡᠭ᠌

ᠪᠠᠭᠠᠬᠠᠨ ᠪᠠᠶ᠎ᠠ ᠪᠠᠨ ᠶᠡᠭᠡ ᠪᠣᠯᠭᠠᠬᠤ ᠭᠡᠵᠤ

ᠪᠠᠯᠠᠷᠠᠭᠰᠠᠨ ᠦᠨᠡᠰᠤ ᠶᠢ ᠨᠢ ᠪᠢᠰᠢ ᠪᠠᠳᠠᠷᠠᠭᠰᠠᠨ ᠭᠠᠯ ᠢ ᠨᠢ ᠠᠪᠠᠬᠤ ᠭᠡᠵᠤ

ᠰᠢᠯᠦᠭ᠌ ᠪᠢᠴᠢᠳᠡᠭ᠌ ᠶᠤᠮ

ᠬᠤᠷᠤᠨ ᠮᠠᠭᠤ ᠰᠠᠨᠠᠭ᠎ᠠ ᠶᠢ ᠡᠪᠦᠷ ᠳᠤᠳᠤᠷ᠎ᠠ ᠨᠢ ᠪᠣᠭᠤᠮᠢᠯᠠᠬᠤ

ᠬᠤᠷᠮᠤᠰᠳᠠ ᠳᠡᠭ᠍ᠷᠢ ᠶᠢᠨ ᠵᠠᠷᠯᠢᠭ ᠢ ᠰᠠᠢ᠌ᠨ ᠭᠦᠮᠤᠨ ᠳᠤ ᠪᠠᠶᠡᠯᠡᠭᠡᠭᠦ ᠭᠡᠵᠤ

ᠬᠤᠷᠸ᠎ᠠ ᠶᠢᠨ ᠭᠡᠭᠡᠨ ᠨᠠᠷᠠᠨ ᠡᠴᠠ ᠭᠡᠷᠡᠯ ᠭᠤᠶᠤᠵᠤ ᠰᠢᠯᠦᠭ᠌ ᠪᠢᠴᠢᠳᠡᠭ᠌ ᠶᠤᠮ

ᠰᠠᠢ᠌ᠬᠠᠨ ᠦᠬᠢᠨ ᠳᠤ ᠭᠤᠷᠢᠯᠠᠬᠤ ᠮᠦᠩᠭᠦᠨ ᠤ ᠲᠦᠯᠦᠭᠡ

ᠰᠢᠯᠦᠭ᠌ ᠪᠢᠴᠢᠳᠡᠭ᠌ ᠦᠭᠡᠶ ᠶᠤᠮ

ᠰᠠᠷ᠎ᠠ ᠶᠢᠨ ᠴᠠᠯᠢᠩ ᠡᠴᠠ ᠮᠢᠨᠢ ᠳᠠᠳᠠᠭᠤ

ᠬᠠᠷᠠᠮᠵᠢ ᠶᠢᠨ ᠲᠦᠯᠦᠭᠡ ᠰᠢᠯᠦᠭ᠌ ᠪᠢᠴᠢᠳᠡᠭ᠌ ᠦᠭᠡᠶ ᠶᠤᠮ

ᠰᠠᠬᠠᠯ ᠳᠡᠭᠡᠷ᠎ᠡ ᠨᠠᠭᠠᠯᠳᠤᠬᠤ ᠦᠭᠡᠶ ᠨᠠᠷ᠎ᠠ ᠳᠦᠷᠤ ᠶᠢᠨ ᠲᠦᠯᠦᠭᠡ

ᠰᠠᠠᠴᠢᠭ ᠪᠣᠭᠤᠷᠤᠯᠳᠤᠭᠠᠤᠨ ᠢᠷᠡᠭᠦ ᠪᠠᠷ ᠮᠤᠯᠳᠤᠯᠴᠢᠬᠠᠬᠤ

ᠵᠡᠷᠭᠡ ᠵᠢᠩᠰᠠ ᠶᠢᠨ ᠲᠦᠯᠦᠭᠡ ᠰᠢᠯᠦᠭ᠌ ᠪᠢᠴᠢᠳᠡᠭ᠌ ᠦᠭᠡᠶ ᠶᠤᠮ

ᠠᠪᠢᠶᠠᠨ ᠥᠰᠦᠭ᠌ ᠤᠨ ᠬᠣᠢ᠌ᠯᠠᠷᠠᠬᠤ ᠳᠠᠯᠠᠨ ᠤ ᠲᠦᠯᠦᠭᠡ

ᠠᠷᠠᠤᠨ ᠲᠦᠮᠡᠨ ᠤ ᠮᠢᠨᠢ ᠭᠡᠢ ᠮᠤᠷᠢ᠂

ᠴᠤᠭ ᠵᠢᠪᠠᠬᠤᠯᠠᠩ ᠤᠨ ᠲᠦᠯᠦᠭᠡ

ᠠᠷᠪᠠᠨ ᠭᠤᠷᠪᠠᠳᠤᠭᠠᠷ ᠵᠠᠭᠤᠨ ᠡᠴᠠ ᠣᠷᠤᠰᠬᠠᠯ ᠳᠤᠭᠰᠢᠷᠠᠭᠰᠠᠨ ᠴᠢᠰᠤᠨ ᠳ᠋ᠤ

ᠠᠨᠠᠪᠠᠤᠨ ᠳᠠᠯᠠᠢ ᠳᠤ ᠴᠢᠤᠠᠬᠤᠯᠠᠬᠤ

ᠠᠶᠤᠮᠰᠢᠭᠳᠤ ᠭᠦᠴᠤᠨ ᠳᠠᠪᠠᠯᠭᠠᠯᠠᠩᠬᠠᠨ ᠪᠠᠢ᠌ᠬᠤ ᠶᠢᠨ ᠲᠦᠯᠦᠭᠡ

ᠰᠢᠯᠦᠭ᠌ ᠪᠢᠴᠢᠳᠡᠭ᠌ ᠶᠤᠮ

ᠶᠡᠭᠡᠮᠰᠦᠭ᠌ ᠠᠭᠤᠯᠠ ᠪᠠᠨ ᠰᠢᠷᠳᠠᠵᠤ ᠨᠠᠮ ᠪᠣᠳᠤᠯᠭᠠᠰᠢᠷᠠᠨ

ᠶ‍ᠢᠰᠤᠨ ᠡᠷᠭᠢᠯᠭᠡ ᠲᠡᠶ ᠣᠰᠤ ᠪᠠᠨ ᠳᠠᠭᠤᠷᠢᠶᠠᠵᠤ ᠬᠠᠶᠠ ᠳᠤᠯᠭᠢᠶᠠᠯᠠᠨ

ᠴᠡᠴᠡᠭ᠌ ᠢᠨᠢᠶᠡᠯᠭᠡᠵᠤ ᠥᠰᠭᠦ ᠬᠡᠦᠬᠡᠳ ᠤᠨ

ᠪᠠᠶᠠᠷ ᠳᠡᠭᠡᠷ᠎ᠡ ᠨᠢ ᠪᠠᠶᠠᠷ ᠨᠡᠮᠡᠭᠦ ᠭᠡᠵᠤ

ᠴᠡᠩᠭᠡᠯ ᠵᠢᠷᠭᠠᠯ ᠤᠨ ᠠᠶᠠᠭ᠎ᠠ ᠪᠠᠨ ᠭᠡᠯᠳᠡᠢ᠌ᠯᠭᠡᠭ᠍ᠰᠡᠨ ᠨᠢᠭᠡᠨ ᠢ ᠨᠢ

ᠪᠣᠷᠬᠠᠨ ᠦᠷᠤᠰᠢᠶᠠ ᠭᠡᠵᠤ ᠳᠠᠭᠠᠳᠬᠠᠨ

ᠰᠢᠯᠦᠭ᠌ ᠪᠢᠴᠢᠳᠡᠭ᠌ ᠶᠤᠮ

ᠭᠠᠯ ᠠᠯᠳᠠᠭᠰᠠᠨ ᠭᠠᠵᠠᠷ ᠰᠢᠨ᠎ᠡ ᠨᠤᠭᠤᠭ᠎ᠠ ᠣᠷᠭᠤᠭ ᠭᠡᠵᠤ

ᠭᠠᠩᠳᠠᠮᠠᠯ ᠡᠯᠡᠰᠤ ᠨᠢ ᠲᠤᠢ᠌ᠯᠠᠭᠰᠠᠨ ᠨᠤᠳᠤᠭ ᠳᠤ

ᠰᠢᠮᠠᠳᠠᠢ ᠪᠣᠷᠤᠭ᠎ᠠ ᠵᠥᠰᠡᠷᠡᠭ᠌ ᠭᠡᠵᠤ ᠭᠦᠰᠡᠩᠭᠡᠨ

ᠰᠢᠯᠦᠭ᠌ ᠪᠢᠴᠢᠳᠡᠭ᠌ ᠶᠤᠮ

ᠮᠢᠨᠤ ᠠᠮᠢᠯᠠᠭᠤᠯᠳᠠᠭ ᠵᠢᠷᠭᠠᠯ ᠪᠦᠭᠦᠨ ᠢ

ᠪᠣᠰᠤᠳ ᠨᠢ ᠴᠤ ᠪᠦᠳᠦᠭᠡᠭ᠌ ᠭᠡᠵᠤ

ᠮᠢᠨᠤ ᠠᠪᠠᠷᠢᠭᠰᠠᠨ ᠦᠨᠳᠦᠷ ᠳᠡᠭᠡᠷ᠎ᠡ ᠡᠴᠠ

ᠳᠡᠭᠦᠯᠢᠵᠤ ᠣᠳᠤᠨ ᠳᠤ ᠭᠦᠷᠦᠭ᠌ ᠭᠡᠵᠤ

ᠰᠤᠯᠠ ᠠᠯᠬᠤᠯᠠᠬᠤ ᠳᠤ ᠮᠦᠷᠤᠨ ᠳᠡᠭᠡᠷ᠎ᠡ ᠰᠢᠪᠠᠭᠤ ᠡᠷᠭᠡᠯᠡᠭ᠌ ᠭᠡᠵᠤ

ᠰᠤᠶᠤᠯᠵᠢᠭᠰᠠᠨ᠂ ᠭᠡᠪ ᠴᠢᠨᠠᠷ ᠲᠡᠶ ᠦᠨᠳᠦᠰᠦᠳᠠᠨ ᠨᠢ

ᠳᠡᠯᠡᠭᠡᠢ ᠶᠢ ᠬᠠᠮᠠᠭᠠᠯᠠᠭ ᠭᠡᠵᠤ ᠵᠦᠩᠨᠠᠨ

ᠰᠢᠯᠦᠭ᠌ ᠪᠢᠴᠢᠳᠡᠭ᠌ ᠶᠤᠮ

ᠨᠠᠷᠠᠳᠤ ᠳᠤ ᠳᠦᠷᠦᠭᠦᠯᠦᠭ᠍ᠰᠡᠨ ᠠᠪᠣ ᠡᠵᠢ ᠶᠢᠨ ᠵᠢᠠᠨ

ᠭᠦᠯᠢᠶᠡᠵᠤ ᠰᠠᠨᠠᠳᠠᠭ ᠵᠢᠷᠦᠭᠡ ᠶᠢ ᠨᠢ ᠪᠠᠶᠠᠷᠯᠠᠭᠤᠯᠬᠤ ᠭᠡᠵᠤ

ᠨᠠᠮᠢ᠋ᠢ ᠵᠢᠷᠭᠠᠭᠠᠭᠰᠠᠨ ᠦᠬᠢᠨ ᠤ

ᠨᠡᠭᠡᠵᠤ ᠳᠤᠷᠠᠯᠠᠳᠠᠭ ᠰᠡᠳᠭᠢᠯ ᠢ ᠨᠢ ᠠᠯᠳᠠᠳᠠᠬᠤ ᠭᠡᠵᠤ

ᠳᠤᠷᠠᠩᠬᠠᠢ ᠪᠠᠶᠠᠨ ᠳᠡᠭᠡᠨ ᠪᠠᠭᠳᠠᠭᠠᠵᠤ ᠳᠡᠢ᠌ᠯᠭᠦ ᠦᠭᠡᠶ ᠣᠮᠤᠭ ᠵᠢᠠᠷ

ᠳᠤᠭ ᠲᠡᠶ ᠢᠷᠠᠭᠤ ᠨᠠᠢ᠌ᠷᠠᠭ ᠢ ᠮᠠᠠᠳᠤᠭᠤᠯᠵᠤ

ᠢᠯᠠᠯᠳᠠ ᠶᠢᠨ ᠵᠢᠭᠰᠠᠭᠠᠯ ᠳᠤ ᠬᠤᠰᠢᠭᠤᠷᠠᠳᠠᠭ ᠶᠤᠮ

ᠠᠭᠤᠤ ᠶᠡᠭᠡ ᠠᠪᠢᠶᠠᠰ ᠲᠡᠶ ᠪᠣᠯᠤᠭᠠᠤᠨ

ᠰᠢᠯᠦᠭ᠌ ᠪᠢᠴᠢᠳᠡᠭ᠌ ᠦᠭᠡᠶ ᠶᠤᠮ

ᠣᠭᠢᠯᠠᠨ ᠳᠠᠭᠤᠯᠠᠭᠰᠠᠨ᠂ ᠵᠤᠪᠠᠭᠰᠠᠨ ᠢᠷᠭᠡᠳ ᠶᠢᠡᠨ ᠦᠷᠤ ᠡᠪᠠᠦᠡᠳᠡᠭ᠌

ᠲᠦᠮᠡᠨ ᠵᠢᠷᠦᠭᠡ ᠲᠡᠶ ᠪᠣᠯᠬᠤᠷ ᠰᠢᠯᠦᠭ᠌ ᠪᠢᠴᠢᠵᠤ ᠴᠢᠳᠠᠳᠠᠭ ᠶᠤᠮ

ᠡᠩᠭᠡᠷ ᠳᠡᠭᠡᠷ᠎ᠡ ᠮᠸᠲ᠋ᠠᠯ ᠵᠡᠭᠦᠯᠭᠡᠭᠦ

ᠦᠨᠳᠦᠷ ᠳᠤᠰᠢᠶᠠᠯᠳᠠᠨ ᠲᠡᠶ ᠪᠣᠯᠬᠤᠷ ᠰᠢᠯᠦᠭ᠌ ᠪᠢᠴᠢᠳᠡᠭ᠌ ᠦᠭᠡᠶ ᠶᠤᠮ

ᠳᠡᠭ᠍ᠷᠢᠯᠢᠭ᠌ ᠪᠢᠯᠢᠭ᠌ ᠤᠨ ᠮᠥᠩᠭᠡ ᠶᠢᠨ ᠨᠠᠷᠠᠨ ᠰᠠᠴᠤᠷᠠᠭᠰᠠᠨ

ᠪᠣᠮᠠᠨ ᠨᠢᠳᠤᠳᠤ ᠬᠠᠨ᠎ᠠ ᠲᠡᠶ ᠪᠣᠯᠬᠤᠷ ᠰᠢᠯᠦᠭ᠌ ᠪᠢᠴᠢᠵᠤ ᠴᠢᠳᠠᠳᠠᠭ ᠶᠤᠮ

ᠪᠠᠶᠠᠨ ᠴᠤ ᠪᠢᠰᠢ᠂ ᠶᠠᠳᠠᠭᠤ ᠴᠤ ᠪᠢᠰᠢ ᠪᠢ

ᠰᠡᠳᠬᠢᠯᠭᠡ ᠠᠭᠤᠯᠤᠭᠳᠠᠬᠤ ᠦᠭᠡᠶ ᠡᠳ᠋ ᠮᠦᠩᠭᠦ ᠶᠢ ᠪᠠᠰᠤᠩᠬᠠᠨ

ᠰᠢᠯᠦᠭ᠌ ᠪᠢᠴᠢᠳᠡᠭ᠌ ᠶᠤᠮ

ᠪᠠᠳᠠᠭ ᠮᠦᠷ ᠨᠢ ᠦᠨᠡᠨ ᠤ ᠲᠦᠯᠤᠨ ᠳᠡᠭᠡᠷ᠎ᠡ ᠭᠡᠷᠡᠯᠳᠦᠳᠡᠭ᠌

ᠷ·ᠴᠣᠢ᠌ᠨᠤᠮ᠂ ᠠ᠊·ᠰ·ᠫᠦᠱᠺᠢᠨ ᠤ ᠵᠤᠯᠠᠨ ᠳᠤ ᠮᠦᠷᠭᠦᠵᠤ ᠰᠢᠯᠦᠭ᠌ ᠪᠢᠴᠢᠳᠡᠭ᠌ ᠶᠤᠮ

ᠴᠡᠩᠭᠡᠷᠭᠡᠨ ᠭᠦᠡᠳᠡᠢ ᠳᠤᠮᠳᠠ

ᠭᠡᠷ ᠶᠢᠡᠨ ᠳᠤᠯᠠᠭᠠᠯᠠᠬᠤ ᠠᠷᠭᠠᠯ ᠳᠡᠭᠦᠵᠤ ᠢᠷᠡᠭ᠍ᠰᠡᠨ ᠪᠣᠯᠬᠤᠷ

ᠰᠢᠯᠦᠭ᠌ ᠪᠢᠴᠢᠳᠡᠭ᠌ ᠶᠤᠮ

ᠴᠡᠷᠢᠭ᠌ ᠤᠨ ᠪᠦᠷᠢᠶᠡᠨ ᠳᠤ ᠰᠤᠴᠢᠵᠤ ᠮᠡᠳᠡᠭᠦ ᠡᠭᠡ ᠣᠷᠤᠨ ᠤ ᠪᠠᠨ

ᠰᠦᠨᠢ ᠶᠢ ᠪᠦᠪᠠᠢ᠌ᠯᠡᠩᠭᠡᠨ ᠰᠢᠯᠦᠭ᠌ ᠪᠢᠴᠢᠳᠡᠭ᠌ ᠶᠤᠮ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2615
ᠴᠠᠭ᠄ 2010 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ