ᠨᠡᠪᠲᠡᠷᠡᠨ ᠤᠷᠤᠬᠤ
ᠪᠦᠮᠪᠦᠭᠡᠴᠢᠨ ᠤ ᠨᠠᠮᠤᠷ

  ᠨᠠᠮᠤᠷ ᠡ ᠭᠡᠵᠤ

  ᠨᠠᠭᠤᠷ ᠬᠤᠨ ᠬᠤᠶᠠᠷ ᠰᠠᠯᠬᠤ ᠡᠳᠦᠷ

  ᠨᠠᠪᠴᠢ ᠴᠡᠴᠡᠭ᠌ ᠬᠤᠶᠠᠷ ᠣᠭᠢᠯᠠᠬᠤ ᠡᠳᠦᠷ

  ᠨᠠᠷᠠ ᠬᠤᠷ᠎ᠠ ᠬᠤᠶᠠᠷ ᠬᠤᠯᠠᠳᠠᠬᠤ ᠡᠳᠦᠷ

  ᠨᠠᠮᠤᠷ ᠡ ᠭᠡᠵᠤ

  ᠲ᠋ᠠᠭᠤᠤ ᠰᠢᠯᠦᠭ᠌ ᠬᠤᠶᠠᠷ ᠵᠤᠵᠠᠭᠠᠷᠠᠭᠰᠠᠨ

  ᠲ᠋ᠤᠷᠠᠳᠬᠠᠯ ᠰᠡᠭᠦᠳᠡᠷ ᠬᠤᠶᠠᠷ ᠰᠢᠷᠭᠠᠯᠳᠤᠭᠰᠠᠨ

  ᠲ᠋ᠤᠷᠠᠯᠠᠯ ᠬᠠᠢ᠌ᠷ᠎ᠠ ᠬᠤᠶᠠᠷ ᠠᠮᠳᠠᠭᠳᠠᠭᠰᠠᠨ

  ᠲ᠋ᠤᠭᠵᠢᠷᠠᠬᠤ ᠡᠪᠦᠯ ᠳᠤ ᠳᠡᠮᠡᠦᠯᠡᠭ᠍ᠰᠡᠨ

  ᠲ᠋ᠤᠤᠯᠢᠮ᠎ᠠ ᠳᠠᠯ᠎ᠠ ᠶᠢᠨ ᠣᠢ᠌ᠤᠠᠬᠠᠷᠯᠠᠩ᠃

  

  ᠦᠷᠦᠭᠡᠰᠤᠨ ᠭᠦᠯ ᠳᠡᠭᠡᠨ ᠮᠠᠢ᠌ᠭ ᠰᠠᠭᠤᠳᠠᠯ᠎ᠠ

  ᠦᠳᠠ ᠭᠤᠤᠯᠯᠠᠭᠰᠠᠨ ᠵᠤᠨ ᠤ ᠨᠠᠷᠠᠨ ᠳ᠋ᠤ

  ᠥᠶᠡᠷᠭᠡᠵᠤ ᠶᠠᠪᠣᠭᠰᠠᠨ ᠠᠯᠠᠭ ᠪᠦᠮᠪᠦᠭᠡ ᠮᠢᠨᠢ

  ᠥᠭᠡᠷ ᠤᠨ ᠴᠤᠪᠣᠭᠠᠨ ᠳᠤ ᠮᠠᠷᠳᠠᠭᠳᠠᠬᠤ ᠣᠯᠠᠷᠢᠯ᠂

  ᠵᠦᠪᠳᠠᠢ ᠭᠦᠯ ᠳᠡᠭᠡᠨ ᠠᠷᠬᠠᠭ ᠦᠯᠠᠳᠠᠳᠠᠯ᠎ᠠ

  ᠵᠥᠭ᠌ ᠦᠭᠡᠶ ᠰᠠᠯᠭᠢᠯᠠᠬᠤ ᠬᠠᠪᠣᠷ ᠤᠨ ᠡᠳᠦᠷ

  ᠵᠡᠭᠦᠳᠦᠯᠡᠵᠤ ᠭᠦᠭᠡᠭᠡᠴᠡᠯᠳᠦᠭ᠍ᠰᠡᠨ ᠠᠯᠠᠭ ᠪᠦᠮᠪᠦᠭᠡ ᠮᠢᠨᠢ

  ᠵᠡᠭᠦᠨ ᠭᠦᠷᠢᠶᠡᠨ ᠳᠡᠭᠡᠨ ᠣᠷᠭᠢᠭᠳᠠᠬᠤ ᠣᠯᠠᠷᠢᠯ᠃

  ᠠᠷᠤ ᠭᠡᠷ ᠲᠡᠭᠡᠨ ᠠᠮᠤᠷᠬᠠᠨ ᠰᠢᠨᠡᠯᠡᠭ᠍ᠰᠡᠨ

  ᠠᠵᠠ ᠶᠢᠨ ᠰᠠᠢ᠌ᠬᠠᠨ ᠪᠦᠳᠤᠨ ᠵᠢᠯ ᠳ᠋ᠤ

  ᠠᠯᠠᠭ ᠪᠦᠮᠪᠦᠭᠡ ᠶᠢ ᠮᠢᠨᠢ ᠰᠠᠨᠠᠭᠠᠨ ᠡᠴᠡ ᠭᠠᠷᠭᠠᠭ᠎ᠠ ᠥᠭᠡᠢ

  ᠠᠢ᠌ᠬᠤᠪᠳᠤᠷ ᠣᠷᠳᠤ ᠨᠠᠮᠤᠷ ᠮᠢᠨᠢ ᠳ᠋ᠧ︕

  

  ᠠᠶᠠᠠᠴᠢᠨ ᠭᠦᠮᠤᠨ ᠰᠢᠭ᠌ ᠣᠷᠤ ᠪᠠᠨ ᠪᠠᠭᠯᠠᠭᠠᠤᠨ

  ᠠᠵᠢᠯ ᠤᠨ ᠪᠠᠢ᠌ᠷᠢ ᠳᠤ ᠰᠢᠨᠡᠭᠡᠨ ᠰᠢᠯᠵᠢᠭ᠍ᠰᠡᠨ ᠴᠤ

  ᠠᠶᠤᠤᠯᠢᠬᠠᠢ ᠳᠤᠳᠤᠷ᠎ᠠ ᠪᠠᠨ ᠰᠠᠨᠠᠭᠠᠯᠵᠠᠯ ᠰᠡᠢ᠌ᠯᠦᠭ᠍ᠰᠡᠨ

  ᠠᠵᠠ ᠦᠭᠡᠶ ᠪᠦᠮᠪᠦᠭᠡᠴᠢᠨ ᠤ ᠨᠠᠮᠤᠷ ᠮᠢᠨᠢ ᠳ᠋ᠧ︕

  

  ᠨᠠᠮᠤᠷ ᠡ ᠭᠡᠵᠤ

  ᠨᠠᠭᠤᠷ ᠬᠤᠨ ᠬᠤᠶᠠᠷ ᠰᠠᠯᠬᠤ ᠡᠳᠦᠷ

  ᠨᠠᠪᠴᠢ ᠴᠡᠴᠡᠭ᠌ ᠬᠤᠶᠠᠷ ᠣᠭᠢᠯᠠᠬᠤ ᠡᠳᠦᠷ

  ᠨᠠᠷᠠ ᠬᠤᠷ᠎ᠠ ᠬᠤᠶᠠᠷ ᠬᠤᠯᠠᠳᠠᠬᠤ ᠡᠳᠦᠷ

  ᠨᠠᠰᠤ ᠵᠢᠯ ᠬᠤᠶᠠᠷ ᠦᠰᠦᠨ ᠣᠷᠭᠤᠭᠰᠠᠨ

  ᠨᠠᠭᠠᠳᠤᠮ ᠪᠢᠳᠠ ᠬᠤᠶᠠᠷ ᠤᠨ ᠰᠠᠯᠤᠯᠴᠠᠬᠤ ᠣᠯᠠᠷᠢᠯ᠃



ᠵᠤᠬᠢᠶᠠᠭᠴᠢ ᠶᠢᠨ ᠬᠠ‍‌ᠶᠢᠭ ᠄ ᠰᠢᠯᠤᠭᠤᠨ ᠭᠦᠭᠡ

ᠵᠤᠬᠢᠶᠠᠭᠴᠢ᠄ ᠮᠤᠤᠨᠤᠬᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 03 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ