☆ ᠪᠠ᠊·ᠬᠠᠰᠴᠢᠯᠠᠭᠤ
ᠣᠷᠳᠤᠰ ᠮᠤᠩᠭ᠋ᠤᠯᠴᠤᠳ ᠤᠨ ᠭᠠᠯ ᠳᠠᠭᠢᠬᠤ ᠶᠤᠰᠤᠨ
(ᠨᠢᠭᠡ) ᠭᠠᠯ ᠤᠨ ᠣᠴᠢᠷ
ᠭᠠᠯ ᠭᠦᠮᠤᠨ ᠲᠦᠷᠦᠯᠭᠢᠳᠠᠨ ᠤ ᠣᠷᠤᠰᠢᠨ ᠠᠮᠢᠳᠤᠷᠠᠬᠤ ᠶᠢ ᠪᠠᠳᠤᠯᠠᠭᠰᠠᠨ ᠮᠥᠷᠳᠡᠭᠡᠨ ᠳᠤᠭᠰᠢᠨ ᠠᠷᠢᠶᠠᠳᠠᠨ ᠲᠡᠶ ᠳᠡᠮᠡᠴᠡᠭᠦ ᠳᠤ ᠳᠤᠳᠠᠭᠳᠠᠵᠤ ᠪᠣᠯᠤᠰᠢ ᠦᠭᠡᠶ ᠵᠡᠪᠰᠡᠭ᠌ ᠪᠣᠯᠤᠭᠰᠠᠨ ᠪᠠᠢ᠌ᠨ᠎ᠠ ᠭᠡᠵᠤ ᠳᠡᠦᠭᠡ ᠰᠤᠳᠤᠯᠤᠭᠴᠢ ᠨᠡᠷ ᠨᠤᠳᠠᠯᠠᠭᠰᠠᠨ ᠪᠠᠢ᠌ᠳᠠᠭ᠃ ᠪᠠᠴᠢᠨ ᠡᠴᠡ ᠭᠦᠮᠤᠨ ᠪᠣᠯᠤᠭᠰᠠᠨ ᠭᠤᠤᠯ ᠰᠢᠯᠳᠠᠭᠠᠨ ᠤ ᠨᠢᠭᠡ ᠨᠢ ᠳᠠᠷᠤᠢ 《ᠪᠣᠯᠭᠤᠭᠰᠠᠨ ᠶᠠᠭᠤᠮ᠎ᠠ ᠶᠢ ᠢᠳᠡᠭ᠍ᠰᠡᠨ ᠡᠴᠡ》 ᠪᠣᠯᠤᠭᠰᠠᠨ ᠭᠡᠳᠡᠭ᠌ ᠢ ᠡᠡᠩᠭᠯᠢ ᠶᠢᠨ ᠠᠮᠢᠳᠤ ᠪᠣᠳᠠᠰ ᠤᠨ ᠣᠬᠠᠭᠠᠠᠳᠠᠨ ᠳ᠋ᠠᠷᠸᠢᠨ 《ᠬᠤᠪᠢᠰᠤᠯ ᠤᠨ ᠣᠨᠤᠯ》 ᠳ᠋ᠤ ᠪᠠᠨ ᠳᠤᠷᠠᠳᠤᠭᠰᠠᠨ ᠶᠤᠮ᠃ ᠭᠠᠯ ᠨᠢ ᠭᠦᠮᠤᠨ ᠲᠦᠷᠦᠯᠭᠢᠳᠠᠨ ᠤ ᠭᠦᠭ᠍ᠵᠢᠯᠳᠡ ᠳᠤ ᠴᠢᠬᠤᠯᠠ ᠣᠢ᠌ᠯᠠᠳᠤᠯ ᠥᠵᠡᠭᠦᠯᠦᠭ᠍ᠰᠡᠨ ᠡᠴᠡ ᠭᠦᠮᠤᠨ ᠲᠦᠷᠦᠯᠭᠢᠳᠠᠨ ᠭᠠᠯ ᠢ ᠰᠢᠳᠦᠭᠦ ᠪᠣᠯᠤᠭᠰᠠᠨ ᠨᠢ ᠮᠡᠳᠡᠭᠡᠵᠢ ᠶᠢᠨ ᠣᠴᠢᠷ᠃
(ᠬᠤᠶᠠᠷ) ᠭᠠᠯ ᠳᠠᠭᠢᠬᠤ ᠢᠷᠠᠯᠳᠠ
ᠯᠤᠪᠰᠠᠩᠴᠣᠢ᠌ᠳᠠᠨ ᠤ 《ᠮᠤᠩᠭ᠋ᠤᠯ ᠤᠨ ᠵᠠᠩ ᠣᠢ᠌ᠯᠠ ᠶᠢᠨ ᠣᠢ᠌ᠯᠠᠪᠣᠷᠢ》 ᠳᠤ 《ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ᠤ ᠰᠦᠨᠢ ᠬᠠᠶᠠᠩᠬᠠᠷᠸᠠ (ᠬᠠᠶᠠᠩᠭᠢᠷᠸᠠ) ᠪᠣᠷᠬᠠᠨ ᠢ ᠳᠠᠢ᠌ᠬᠤ ᠳᠤᠭᠳᠠᠭᠰᠠᠨ ᠳᠠᠭᠢᠯᠭ᠎ᠠ ᠪᠠᠢ᠌ᠮᠤᠢ᠃ ᠯᠠ ᠰᠠᠷ᠎ᠠ ᠶᠢᠨ ᠬᠤᠷᠢᠨ ᠭᠤᠷᠪᠠᠨ ᠤ ᠭᠠᠯ ᠳᠠᠭᠢᠯᠭ᠎ᠠ ᠶᠢᠨ ᠵᠣᠢ᠌ᠯ᠂ ᠬᠤᠨᠢ ᠶᠢᠨ ᠪᠦᠭᠦᠯᠢ᠂ ᠨᠢᠯᠳᠠᠭ ᠤᠨ ᠪᠣᠳᠠᠭ᠎ᠠ᠂ ᠴᠢᠪᠠᠭ᠎ᠠ᠂ ᠰᠢᠷ᠎ᠠ ᠳᠤᠰᠤ᠂ ᠭᠦᠵᠢ᠂ ᠴᠠᠭᠠᠨ ᠬᠠᠳᠠᠭ᠂ ᠰᠢᠷᠠᠯᠵᠢ ᠡᠪᠠᠰᠤ᠂ ᠠᠷᠢᠭᠢ ᠡᠳᠡᠭᠡᠷ ᠢ ᠳᠠᠭᠢᠵᠤ ᠡᠷᠭᠦᠭᠦ ᠦᠶ᠎ᠡ᠂ ᠣᠯᠠᠭᠠᠨ ᠰᠠᠪᠬ᠎ᠠ ᠶᠢ ᠣᠭᠳᠤ ᠭᠡᠷᠡᠭᠯᠡᠭᠦ ᠦᠭᠡᠶ᠃ ᠡᠷ᠎ᠡ ᠭᠦᠮᠤᠨ ᠤ ᠭᠠᠷ ᠶᠢᠡᠷ ᠠᠰᠠᠭᠠᠮᠤᠢ᠃ ᠬᠠᠷ᠎ᠠ ᠰᠠᠪᠬ᠎ᠠ ᠪᠠᠷ ᠡᠷᠭᠦᠵᠤ ᠭᠡᠷ ᠤᠨ ᠡᠵᠡᠨ ᠪᠣᠶᠤ ᠠᠬᠠᠮᠠᠤᠨ ᠡᠷ᠎ᠡ ᠭᠦᠮᠤᠨ ᠣᠷᠢᠳᠠᠢ ᠰᠥᠭᠦᠳᠴᠤ᠂ ᠡᠭᠡᠨᠡᠷ ᠭᠦᠮᠤᠨ ᠬᠣᠢ᠌ᠳᠠᠢ ᠰᠥᠭᠦᠳᠴᠤ ᠭᠠᠯ ᠤᠨ ᠪᠣᠷᠬᠠᠨ ᠳᠤ ᠳᠠᠭᠢᠯᠭ᠎ᠠ ᠡᠷᠭᠦᠵᠤ ᠮᠥᠷᠭᠦᠮᠦᠢ ︕》 ᠭᠡᠵᠤ ᠳᠡᠮᠳᠡᠭᠯᠡᠵᠤ ᠪᠠᠢ᠌ᠳᠠᠭ᠃ ᠮᠤᠩᠭ᠋ᠤᠯᠴᠤᠳ ᠴᠤ ᠪᠣᠰᠤᠳ ᠦᠨᠳᠦᠰᠦᠳᠠᠨ ᠲᠡᠶ ᠠᠳᠠᠯᠢ ᠪᠠᠷ ᠭᠠᠯ ᠢ ᠰᠢᠳᠤᠵᠤ ᠳᠠᠭᠢᠵᠤ ᠡᠭᠢᠯᠡᠭ᠍ᠰᠡᠨ ᠪᠠᠢ᠌ᠳᠠᠭ᠃ ᠮᠤᠩᠭ᠋ᠤᠯᠴᠤᠳ ᠠᠯᠢ ᠦᠶ᠎ᠡ ᠡᠴᠡ ᠭᠠᠯ ᠢ ᠰᠢᠳᠤᠵᠤ ᠳᠠᠭᠢᠭᠰᠠᠨ ᠨᠢ ᠳᠤᠳᠤᠷᠬᠠᠢ ᠦᠭᠡᠶ ᠪᠣᠯᠪᠠᠴᠤ ᠭᠦᠢ ᠨᠢᠭᠡᠳᠦᠯ ᠤᠨ ᠨᠡᠢ᠌ᠭᠡᠮ ᠳᠤ ᠭᠠᠯ ᠳᠠᠭᠢᠬᠤ ᠵᠠᠩᠰᠢᠯᠳᠠᠢ ᠪᠣᠯᠤᠭᠰᠠᠨ ᠭᠡᠳᠡᠭ᠌ ᠢ 1922 ᠣᠨ ᠡᠴᠡ ᠨᠠᠭᠠᠰᠢ ᠦᠤᠰᠢᠨ ᠬᠤᠰᠢᠭᠤᠨ ᠳᠤ ᠢᠯᠡᠷᠡᠭ᠍ᠰᠡᠨ 《ᠪᠣᠷᠤᠳᠤᠬᠤᠢ ᠭᠦᠮᠤᠨ ᠤ ᠴᠢᠯᠠᠭᠤᠵᠢᠮᠠᠯ》 ᠡᠴᠡ ᠡᠨᠡ ᠳᠤᠬᠠᠢ ᠭᠡᠷᠡᠴᠢ ᠪᠠᠷᠢᠮᠳᠠ ᠶᠢ ᠣᠯᠵᠤ ᠪᠣᠯᠬᠤ ᠶᠤᠮ᠃ ᠮᠤᠩᠭ᠋ᠤᠯᠴᠤᠳ ᠤᠨ ᠣᠷᠤᠰᠢᠨ ᠳᠤᠭᠳᠠᠨᠢᠵᠤ ᠪᠠᠢ᠌ᠭᠰᠠᠨ ᠭᠤᠯᠤᠮᠳᠠ ᠳᠡᠭᠡᠷ᠎ᠡ ᠣᠭ ᠲᠤ ᠪᠠᠨ ᠾᠦᠩᠨᠤ᠂ ᠰᠢᠶᠠᠠᠪᠢ᠂ ᠦᠬᠤᠸᠠᠨ᠂ ᠿᠤ ᠯᠠᠨ᠂ ᠲᠦᠷᠺ᠂ ᠣᠢ᠌ᠭᠤᠷ᠂ ᠭᠢᠳᠠᠨ ᠵᠡᠷᠭᠡ ᠣᠪᠣᠭ ᠠᠢ᠌ᠮᠠᠭ ᠮᠠᠠᠳᠤᠵᠤ ᠮᠥᠭᠦᠵᠤ ᠪᠠᠢ᠌ᠬᠤ ᠳᠤ ᠪᠠᠨ᠂ ᠭᠠᠯ ᠳᠠᠭᠢᠵᠤ ᠪᠠᠢ᠌ᠭᠰᠠᠨ ᠳᠡᠮᠳᠡᠭᠯᠡᠯ ᠰᠤᠳᠤᠷ ᠪᠢᠴᠢᠭ᠌ ᠲᠤ ᠪᠠᠢ᠌ᠳᠠᠭ ᠪᠣᠯᠪᠠᠴᠤ ᠮᠤᠩᠭ᠋ᠤᠯᠴᠤᠳ ᠰᠢᠭ ᠦᠨᠦᠳᠤᠷ ᠤᠨ ᠪᠣᠯᠳᠠᠯ᠎ᠠ ᠭᠠᠯ ᠶᠢᠡᠨ ᠰᠢᠳᠤᠵᠤ ᠳᠠᠭᠢᠭᠰᠠᠨ ᠪᠢᠰᠢ ᠶᠤᠮ᠃ ᠳᠠᠢ᠌ᠮᠤ ᠪᠠᠷ ᠶᠢᠡᠨ ᠮᠤᠩᠭ᠋ᠤᠯᠴᠤᠳ ᠤᠨ ᠭᠠᠯ ᠳᠠᠭᠢᠬᠤ ᠵᠠᠩ ᠣᠢ᠌ᠯᠠ ᠨᠢ ᠪᠣᠰᠤᠳ ᠦᠨᠳᠦᠰᠦᠳᠠᠨ ᠡᠴᠡ ᠦᠰᠦᠳ ᠥᠭᠡᠷ᠎ᠡ ᠢᠯᠭᠠᠭᠳᠠᠬᠤ ᠣᠠᠴᠠᠭᠠᠢ ᠣᠠᠴᠠᠯᠢᠭ ᠪᠣᠯᠳᠠᠭ᠃
(ᠭᠤᠷᠪᠠ) ᠭᠠᠯ ᠳᠠᠭᠢᠬᠤ ᠶᠤᠰᠤᠨ
ᠮᠤᠩᠭ᠋ᠤᠯᠴᠤᠳ ᠣᠷᠳᠤ ᠣᠳᠠᠭᠠᠨ ᠬᠤᠭᠤᠴᠠᠭᠠᠨ ᠤ ᠠᠮᠢᠳᠤᠷᠠᠯ ᠳᠤᠮᠳᠠ ᠭᠠᠩ ᠵᠤᠳ ᠦᠭᠡᠶ᠂ ᠭᠢᠵᠢᠭ᠌ ᠡᠪᠡᠳᠴᠢᠨ ᠦᠭᠡᠶ᠂ ᠬᠤᠯᠠᠭᠠᠢ ᠳᠡᠭᠡᠷᠡᠮ ᠦᠭᠡᠶ᠂ ᠲᠦᠷᠦ ᠶᠢᠨ ᠣᠢ᠌ᠯᠠ ᠨᠢ ᠰᠠᠢ᠌ᠨ᠂ ᠲᠦᠮᠡᠨ ᠣᠯᠠᠨ ᠨᠢ ᠵᠢᠷᠭᠠᠯᠳᠠᠢ ᠪᠠᠢ᠌ᠬᠤ ᠶᠢ ᠭᠠᠯ ᠪᠣᠷᠬᠠᠨ ᠳᠤ ᠪᠠᠨ ᠴᠠᠭ ᠥᠷᠭᠦᠯᠵᠢ ᠳᠠᠭᠠᠳᠬᠠᠳᠠᠭ᠃ ᠳᠠᠭᠠᠳᠬᠠᠬᠤ ᠭᠡᠯᠪᠠᠷᠢ ᠨᠢ ᠡᠳᠦᠷ ᠤᠨ (ᠡᠡᠭ᠌ ᠤᠨ) ᠳᠠᠭᠢᠯᠭ᠎ᠠ᠂ ᠰᠠᠷ᠎ᠠ ᠶᠢᠨ ᠳᠠᠭᠢᠯᠭ᠎ᠠ᠂ ᠣᠯᠠᠷᠢᠯ ᠤᠨ ᠳᠠᠭᠢᠯᠭ᠎ᠠ᠂ ᠶᠡᠭᠡ ᠳᠠᠭᠢᠯᠭ᠎ᠠ᠁ ᠭᠡᠵᠤ ᠣᠯᠠᠨ ᠵᠣᠢ᠌ᠯ ᠶᠢᠡᠷ ᠶᠠᠪᠣᠭᠳᠠᠳᠠᠭ᠃
⒈ ᠡᠳᠦᠷ ᠤᠨ (ᠡᠡᠭ᠌ ᠤᠨ) ᠳᠠᠭᠢᠯᠭ᠎ᠠ
ᠶᠠᠷᠤ ᠶᠢᠨ ᠴᠠᠭ ᠲᠤ ᠡᠳᠦᠷ ᠳᠤᠳᠤᠮ ᠤᠨ ᠢᠳᠡᠭᠡᠨ ᠣᠮᠳᠠᠭᠠᠨ ᠤ ᠳᠡᠭᠡᠵᠢ ᠪᠠᠨ ᠭᠠᠯ ᠳᠤ ᠪᠠᠨ ᠡᠷᠭᠦᠭᠦ ᠳᠠᠭᠢᠯᠭ᠎ᠠ᠃ ᠠᠢ᠌ᠯ ᠤᠨ ᠪᠦᠰᠡᠭᠦᠢ ᠨᠢ ᠴᠠᠢ ᠪᠠᠨ ᠴᠢᠨᠠᠭᠠᠤᠨ ᠦᠪᠡᠷ ᠶᠢᠡᠨ ᠠᠮᠰᠠᠬᠤ ᠡᠴᠡ ᠤᠷᠢᠳ ᠪᠣᠷᠬᠠᠨ ᠤ ᠰᠢᠷᠡᠭᠡᠨ ᠳᠡᠭᠡᠷ᠎ᠡ ᠨᠢᠭᠡ ᠳᠠᠭᠢᠯ ᠡᠷᠭᠦᠵᠤ᠂ ᠭᠠᠯ ᠳᠤ ᠪᠠᠨ ᠴᠠᠢ ᠶᠢᠨ ᠳᠡᠭᠡᠵᠢ ᠪᠠᠨ ᠡᠷᠭᠦᠵᠤ ᠮᠥᠷᠭᠦᠭᠦ ᠳᠤ ᠪᠠᠨ ᠠᠢ᠌ᠯ ᠭᠡᠷ ᠤᠨ ᠠᠯᠢᠪᠠ ᠣᠢ᠌ᠯᠠ ᠭᠡᠷᠡᠭ᠌ ᠢᠯᠭᠤᠮ ᠣᠷᠤᠭᠰᠢᠳᠠᠢ ᠪᠠᠢ᠌ᠬᠤ ᠶᠢ ᠳᠠᠭᠠᠳᠬᠠᠳᠠᠭ᠃ ᠡᠭᠦᠨ ᠶᠢᠡᠷ ᠪᠠᠷᠠᠬᠤ ᠦᠭᠡᠶ ᠪᠠᠰᠠ ᠣᠷᠤᠭ ᠬᠤᠷᠢᠮ ᠳᠡᠭᠡᠷ᠎ᠡ ᠭᠠᠯ ᠭᠤᠯᠤᠮᠳᠠ ᠳᠤ ᠪᠠᠨ ᠮᠥᠷᠭᠦᠭᠦ᠂ ᠬᠡᠦᠬᠡᠳ ᠥᠷᠡᠴᠢᠯᠡᠭᠦ᠂ ᠭᠦᠩᠭᠡᠵᠢᠭᠦ ᠨᠢᠷᠠᠢ᠌ᠯᠠᠬᠤ᠂ ᠠᠶᠠᠨ ᠵᠢᠩ ᠳᠤ ᠶᠠᠪᠣᠬᠤ᠂ ᠴᠡᠷᠢᠭ᠌ ᠳᠠᠢ᠌ᠨ ᠳᠤ ᠮᠤᠷᠳᠠᠬᠤ᠂ ᠬᠤᠯᠠᠭᠠᠢ ᠳᠡᠭᠡᠷᠡᠮ ᠠᠷᠪᠢᠤᠠᠬᠤ᠂ ᠭᠠᠩ ᠭᠠᠮᠰᠢᠭ ᠪᠣᠯᠬᠤ᠂ ᠡᠪᠡᠳᠴᠢᠨ ᠭᠢᠵᠢᠭ᠌ ᠳᠡᠯᠭᠡᠷᠡᠭᠦ᠂ ᠴᠢᠨ᠋ᠸ᠎ᠠ ᠨᠤᠬᠠᠢ ᠳᠤᠭᠰᠢᠷᠠᠬᠤ ᠵᠡᠷᠭᠡ ᠡᠯᠳᠡᠪ ᠣᠴᠠᠷᠠᠯ ᠲᠤᠬᠢᠶᠠᠯᠳᠤᠬᠤ ᠳᠤ ᠴᠤ ᠭᠠᠯ ᠭᠤᠯᠤᠮᠳᠠ ᠪᠠᠨ ᠳᠠᠭᠢᠵᠤ ᠠᠪᠣᠷᠠᠯ ᠳᠠᠭᠠᠳᠬᠠᠯ ᠭᠤᠶᠤᠳᠠᠭ᠃
ᠪᠦᠭᠡ ᠮᠥᠷᠭᠦᠯ ᠤᠨ ᠱᠠᠰᠢᠨ ᠳᠤ ᠭᠠᠯ ᠤᠨ ᠳᠡᠭ᠍ᠷᠢ ᠪᠣᠯ ᠭᠠᠯᠢᠬᠠᠨ (ᠭᠠᠯ ᠤᠨ ᠪᠣᠷᠬᠠᠨ) ᠡᠭᠡ ᠮᠦᠨ᠂ ᠳᠠᠷᠠ ᠪᠣᠯ ᠡᠳᠦᠭᠡᠨ ᠡᠭᠡ ᠡᠴᠡ ᠪᠣᠢ ᠪᠣᠯᠤᠭᠰᠠᠨ ᠪᠦᠭᠡᠳ ᠡᠳᠦᠭᠡᠨ ᠡᠭᠡ ᠶᠢ ᠳᠦᠯᠦᠭᠡᠯᠡᠵᠤ ᠬᠠᠨ ᠬᠤᠷᠮᠤᠰᠳᠠ ᠳᠡᠭ᠍ᠷᠢ ᠶᠢᠨ ᠵᠠᠷᠯᠢᠭ ᠶᠢᠡᠷ ᠭᠦᠮᠤᠨ ᠤ ᠶᠢᠷᠳᠢᠠᠴᠤ ᠳᠤ ᠢᠷᠠᠵᠤ ᠭᠦᠮᠤᠨ ᠳᠤ ᠳᠤᠯᠠᠭᠠᠨ ᠢᠯᠴᠢ ᠪᠠ ᠭᠡᠷᠡᠯ ᠢ ᠣᠯᠭᠤᠨ ᠥᠭ᠍ᠴᠤ᠂ ᠭᠦᠮᠤᠨ ᠲᠡᠶ ᠡᠳᠦᠷ ᠳᠤᠳᠤᠮ ᠬᠠᠮᠳᠤ ᠠᠮᠢᠳᠤᠷᠠᠵᠤ ᠭᠦᠮᠤᠨ ᠤ ᠡᠳᠦᠷ ᠳᠤᠳᠤᠮ ᠤᠨ ᠠᠯᠢᠪᠠ ᠵᠣᠢ᠌ᠯ ᠢ ᠬᠠᠨ ᠬᠤᠷᠮᠤᠰᠳᠠ ᠳᠡᠭ᠍ᠷᠢ ᠶᠢᠨ ᠰᠠᠨᠠᠭ᠎ᠠ ᠲᠡᠶ ᠳᠤᠭᠢᠷᠠᠭᠤᠯᠤᠨ ᠵᠠᠭᠢᠷᠴᠤ ᠶᠠᠪᠣᠭᠤᠯᠳᠠᠭ ᠭᠡᠵᠤ ᠥᠵᠡᠳᠡᠭ᠌᠃
ᠳᠠᠢ᠌ᠮᠤ ᠡ᠂ ᠳᠤᠯᠠᠭᠠᠨ ᠢᠯᠴᠢ ᠪᠠ ᠭᠡᠷᠡᠯ ᠢ ᠣᠯᠭᠤᠵᠤ ᠦᠭᠭᠦᠭ᠍ᠰᠡᠨ ᠡᠴᠡ ᠭᠠᠯ ᠢ ᠳᠠᠭᠢᠬᠤ ᠪᠣᠯᠤᠭᠰᠠᠨ ᠭᠡᠵᠤ ᠰᠢᠭᠤᠳ ᠳᠠᠭᠠᠮᠠᠭᠯᠠᠵᠤ ᠪᠣᠯᠬᠤ ᠶᠤᠮ᠃
⒉ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠭᠠᠯ ᠤᠨ ᠳᠠᠭᠢᠯᠭ᠎ᠠ
ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠭᠠᠯ ᠤᠨ ᠳᠠᠭᠢᠯᠭ᠎ᠠ ᠶᠢ ᠪᠠᠰᠠ ᠰᠠᠷ᠎ᠠ ᠶᠢᠨ ᠳᠠᠭᠢᠯᠭ᠎ᠠ ᠭᠡᠳᠡᠭ᠌᠃ ᠮᠤᠩᠭ᠋ᠤᠯᠴᠤᠳ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠤ ᠥᠷᠯᠦᠭᠡ ᠭᠤᠯᠤᠮᠳᠠ ᠳᠤ ᠪᠠᠨ ᠢᠳᠡᠭᠡᠨ ᠣᠮᠳᠠᠭᠠᠨ ᠤ ᠳᠡᠭᠡᠵᠢ ᠡᠷᠭᠦᠨ ᠭᠠᠯ ᠶᠢᠡᠨ ᠳᠠᠭᠢᠮᠠᠠᠵᠢᠨ ᠰᠠᠶᠢ ᠰᠢᠨᠡᠯᠡᠳᠡᠭ᠌᠃ ᠣᠷᠳᠤᠰ᠂ ᠣᠷᠠᠤᠨ ᠤᠨ ᠵᠠᠷᠢᠮ ᠭᠠᠵᠠᠷ ᠤᠳ ᠶᠢᠡᠷ ᠡᠪᠴᠢᠭᠦᠤ ᠪᠠᠷ ᠴᠤ ᠳᠠᠭᠢᠳᠠᠭ᠃
⒊ ᠴᠠᠭᠠᠨ ᠰᠠᠷ᠎ᠠ ᠶᠢᠨ ᠰᠢᠨ᠎ᠠ ᠶᠢᠨ ᠳᠦᠷᠪᠡᠨ ᠤ ᠭᠠᠯ ᠤᠨ ᠳᠠᠭᠢᠯᠭ᠎ᠠ
ᠡᠨᠡ ᠨᠢ ᠬᠠᠭᠤᠴᠢᠨ ᠵᠢᠯ ᠮᠤᠷᠳᠠᠭᠰᠠᠨ ᠭᠠᠯ ᠤᠨ ᠪᠣᠷᠬᠠᠨ ᠢ ᠡᠨᠡ ᠡᠳᠦᠷ ᠣᠭᠳᠤᠬᠤ ᠳᠠᠭᠢᠯᠭ᠎ᠠ᠃ ᠡᠨᠡ ᠨᠢ ᠭᠠᠯ ᠤᠨ ᠶᠡᠭᠡ ᠳᠠᠭᠢᠯᠭ᠎ᠠ ᠲᠡᠶ ᠦᠨᠳᠦᠰᠦᠨ ᠳᠤ ᠪᠠᠨ ᠠᠳᠠᠯᠢ ᠪᠣᠯᠪᠠᠴᠤ ᠭᠡᠪᠴᠢᠶ᠎ᠡ ᠭᠡᠮᠵᠢᠶ᠎ᠡ ᠪᠠᠷ ᠪᠠᠭ᠎ᠠ ᠭᠢᠨ᠎ᠠ᠃
⒋ ᠢᠩᠭᠡᠨ ᠭᠠᠯ ᠤᠨ ᠳᠠᠭᠢᠯᠭ᠎ᠠ
ᠣᠷᠳᠤᠰ ᠳᠤᠭᠠᠯᠠᠯ ᠤᠨ ᠳᠠᠪᠤᠨ ᠰᠠᠷ᠎ᠠ ᠶᠢᠨ ᠰᠢᠨ᠎ᠠ ᠶᠢᠨ ᠬᠤᠶᠠᠷ ᠪᠣᠶᠤ ᠠᠷᠪᠠᠨ ᠨᠢᠭᠡᠨ ᠳᠤ᠂ ᠣᠷᠳᠤᠰ ᠮᠤᠩᠭ᠋ᠤᠯᠴᠤᠳ ᠤᠨ ᠡᠷᠳᠡ ᠳᠡᠭᠡᠳᠤ ᠦᠶ᠎ᠡ ᠡᠴᠡ ᠣᠯᠠᠮᠵᠢᠯᠠᠨ ᠢᠷᠡᠭ᠍ᠰᠡᠨ ᠮᠤᠩᠭ᠋ᠤᠯ ᠦᠨᠳᠦᠰᠦᠳᠠᠨ ᠤ ᠵᠠᠩ ᠳᠠᠳᠬᠠᠯ ᠤᠨ ᠣᠯᠠᠮᠵᠢᠯᠠᠯ ᠶᠢᠡᠷ ᠳᠡᠮᠡᠭᠡᠨ ᠤ ᠳᠦᠯ ᠢ ᠪᠦᠷᠢᠨ ᠳᠤᠰᠴᠤ ᠦᠨᠢᠷ ᠥᠰᠭᠡᠭᠦ᠂ ᠰᠢᠨ᠎ᠠ ᠭᠡᠭᠡᠯ ᠠᠪᠣᠭᠤᠯᠤᠭᠰᠠᠨ ᠳᠡᠮᠡᠭᠡᠳ ᠤᠨ ᠦᠷ᠎ᠡ ᠳᠦᠯ ᠢ ᠨᠢ ᠭᠡᠮᠳᠦᠯ ᠦᠭᠡᠶ ᠴᠠᠭ ᠳᠤᠬᠠᠢ ᠳᠤ ᠨᠢ ᠳᠤᠰᠴᠤ ᠪᠣᠢ᠌ᠵᠢᠭᠤᠯᠵᠤ᠂ ᠳᠡᠮᠡᠭᠡᠨ ᠰᠥᠷᠦᠭ᠌ ᠶᠢᠡᠨ ᠦᠨᠢᠷ ᠵᠤᠵᠠᠭᠠᠨ ᠪᠣᠯᠭᠠᠬᠤ ᠶᠢ ᠪᠠᠯᠭᠡᠳᠡᠭ᠍ᠰᠡᠨ ᠭᠠᠯ ᠳᠠᠭᠢᠬᠤ ᠵᠠᠩᠰᠢᠯ᠃ ᠵᠠᠷᠢᠮ ᠭᠠᠵᠠᠷ ᠡᠭᠦᠨ ᠢ ᠳᠡᠮᠡᠭᠡᠨ ᠳᠠᠯᠠᠯᠭ᠎ᠠ ᠪᠣᠶᠤ ᠳᠡᠮᠡᠭᠡᠨ ᠭᠠᠯ ᠤᠨ ᠳᠠᠭᠢᠯᠭ᠎ᠠ ᠴᠤ ᠭᠡᠳᠡᠭ᠌᠃ ᠣᠷᠳᠤᠰ ᠤᠨ ᠵᠠᠷᠢᠮ ᠬᠤᠰᠢᠭᠤᠨ ᠳᠤ ᠬᠠᠪᠣᠷ ᠤᠨ ᠳᠡᠮᠡᠭᠡᠨ ᠳᠠᠯᠠᠯᠭ᠎ᠠ ᠪᠠᠨ ᠳᠦᠭᠦᠮᠴᠢᠯᠡᠭᠡᠳ ᠥᠭᠡᠯᠵᠢᠨ ᠰᠠᠷ᠎ᠠ ᠶᠢᠨ ᠬᠤᠷᠢᠨ ᠭᠤᠷᠪᠠᠨ ᠳᠤ ᠭᠠᠯ ᠳᠠᠭᠢᠬᠤ ᠳᠤ ᠪᠠᠨ ᠨᠢᠭᠡ ᠳᠠᠪᠠᠭ ᠢᠳᠡᠭᠡᠨ ᠪᠡᠯᠡᠳᠭᠡᠵᠤ ᠳᠠᠯᠪᠢᠳᠠᠭ ᠴᠤ ᠪᠣᠢ᠃ ᠢᠩᠭᠡᠨ ᠭᠠᠯ ᠤᠨ ᠳᠠᠭᠢᠯᠭ᠎ᠠ ᠶᠢᠨ ᠶᠡᠷᠦᠩᠭᠡᠢ ᠵᠠᠩ ᠣᠢ᠌ᠯᠠ ᠨᠢ ᠥᠭᠡᠯᠵᠢᠨ ᠰᠠᠷ᠎ᠠ ᠶᠢᠨ ᠬᠤᠷᠢᠨ ᠭᠤᠷᠪᠠᠨ ᠤ ᠳᠠᠭᠢᠯᠭ᠎ᠠ ᠲᠡᠶ ᠠᠳᠠᠯᠢ ᠪᠠᠢ᠌ᠳᠠᠭ᠃
ᠣᠷᠳᠤᠰᠴᠤᠳ᠂ ᠳᠡᠮᠡᠭᠡᠨ ᠰᠥᠷᠦᠭ᠌ ᠶᠢᠡᠨ ᠬᠤᠷᠢᠶᠠᠨ ᠢᠷᠡᠭᠡᠳ᠂ ᠴᠥᠷᠭᠡᠯᠡᠨ ᠭᠦᠳᠦᠯᠵᠤ ᠵᠠᠯ᠎ᠠ ᠳᠡᠭᠡᠷ᠎ᠡ ᠨᠠᠷᠠᠨ ᠵᠦᠪ ᠶᠢᠡᠷ ᠡᠷᠭᠢᠭᠦᠯᠤᠨ ᠵᠤᠭᠰᠤᠭᠠᠨ᠎ᠠ᠃ ᠨᠢᠯᠬ᠎ᠠ ᠪᠣᠳᠤᠭᠤ ᠪᠣᠶᠤ ᠭᠡᠭᠡᠯᠳᠡᠢ ᠢᠩᠭᠡ ᠡᠴᠡ ᠪᠣᠰᠤᠳ ᠳᠡᠮᠡᠭᠡᠨ ᠤ ᠣᠮᠤᠷᠤᠤ ᠶᠢᠨ ᠵᠤᠭᠳᠤᠷ ᠢ ᠬᠠᠢ᠌ᠴᠢᠯᠠᠵᠤ᠂ ᠰᠢᠯᠢ ᠪᠠ ᠡᠪᠦᠳᠦᠭ᠌ ᠤᠨ ᠵᠤᠭᠳᠤᠷ ᠢ ᠭᠡᠳᠤᠨ ᠮᠤᠠᠴᠤᠭ ᠥᠯᠡᠳᠡᠭᠡᠵᠤ᠂ ᠳᠡᠭ᠍ᠷᠢ ᠳᠤᠯᠠᠭᠠᠷᠠᠭᠰᠠᠨ ᠬᠣᠢ᠌ᠨ᠎ᠠ ᠬᠠᠢ᠌ᠴᠢᠯᠠᠬᠤ ᠪᠠᠷ ᠪᠡᠯᠡᠳᠭᠡᠨ᠎ᠡ᠃ ᠳᠡᠮᠡᠭᠡ ᠪᠠᠨ ᠵᠤᠭᠳᠤᠷᠯᠠᠭᠰᠠᠨ ᠬᠣᠢ᠌ᠨ᠎ᠠ᠂ ᠨᠤᠮᠤᠬᠠᠨ ᠢᠩᠭᠡ ᠪᠠᠨ ᠰᠠᠭᠠᠵᠤ ᠰᠦ᠋ ᠪᠠᠷ ᠨᠢ ᠰᠠᠴᠤᠯᠢ ᠪᠡᠯᠡᠳᠭᠡᠨ᠂ ᠬᠤᠨᠢ ᠢᠮᠠᠭᠠᠨ ᠤ ᠡᠪᠴᠢᠭᠦᠤ ᠶᠢ ᠨᠢᠵᠡᠭᠡᠳ ᠢᠳᠡᠭᠡᠷᠡᠭᠦᠯᠵᠤ ᠨᠠᠷᠢᠯᠢᠭ ᠰᠠᠢ᠌ᠬᠠᠨ ᠴᠥᠮᠦᠭ᠍ᠰᠡᠨ ᠤ ᠳᠠᠷᠠᠭ᠎ᠠ ᠡᠪᠴᠢᠭᠦᠨ ᠳᠡᠭᠡᠷ᠎ᠡ ᠨᠢ ᠴᠢᠪᠠᠭ᠎ᠠ ᠰᠢᠭᠢᠷ᠂ ᠰᠢᠭᠦᠮᠡᠯ᠂ ᠦᠷᠦᠮ᠎ᠡ᠂ ᠦᠵᠦᠮ ᠵᠡᠷᠭᠡ ᠠᠮᠳᠠᠳᠤ ᠢᠳᠡᠭᠡᠨ ᠢ ᠨᠠᠮᠠᠵᠤ᠂ ᠳᠡᠭᠡᠷ᠎ᠡ ᠡᠴᠡ ᠨᠢ ᠳᠠᠪᠤᠨ ᠥᠩᠭᠡ ᠶᠢᠨ ᠳᠤᠷᠭ᠎ᠠ ᠳᠤᠷᠳᠤᠩ ᠤᠨ ᠥᠭᠡᠳᠡᠰᠤ᠂ ᠣᠳᠠᠰᠤ ᠪᠠᠷ ᠣᠷᠢᠶᠠᠨ ᠴᠢᠮᠡᠭᠯᠡᠭᠡᠳ᠂ ᠠᠷᠴᠠ ᠭᠦᠵᠢ ᠲᠡᠶ ᠬᠠᠮᠳᠤ ᠭᠠᠯ ᠳᠤ ᠪᠠᠨ ᠡᠷᠭᠦᠳᠡᠭ᠌᠃ ᠢᠩᠭᠢᠭᠡᠳ ᠪᠡᠯᠡᠳᠭᠡᠭ᠍ᠰᠡᠨ ᠰᠠᠴᠤᠯᠢ ᠪᠠᠨ ᠳᠦᠷᠪᠡᠨ ᠵᠥᠭ᠌ ᠨᠢ᠋ᠮᠠᠨ ᠵᠤᠪᠭᠢᠰ ᠲᠤ ᠰᠠᠴᠤᠵᠤ᠂ ᠭᠠᠯ ᠳᠤ ᠪᠠᠨ ᠮᠥᠷᠭᠦᠨ ᠪᠠᠷᠢᠬᠤ ᠳᠤ ᠪᠠᠨ ᠳᠡᠮᠡᠭᠡᠨ ᠮᠠᠭᠳᠠᠭᠠᠯ ᠣᠩᠰᠢᠵᠤ ᠳᠡᠭ᠍ᠷᠢ ᠭᠠᠵᠠᠷ ᠲᠤ ᠳᠠᠯᠠᠯᠭ᠎ᠠ ᠳᠠᠯᠠᠯᠳᠠᠭ᠃
ᠭᠠᠯ ᠶᠢᠡᠨ ᠳᠠᠭᠢᠭᠰᠠᠨ ᠤ ᠳᠠᠷᠠᠭ᠎ᠠ ᠳᠠᠪᠠᠭ ᠲᠡᠶ ᠠᠮᠤᠰᠤᠨ (ᠪᠦᠩ ᠠᠮᠤ ᠪᠣᠶᠤ ᠪᠦᠭᠡᠮ ᠠᠮᠤ) ᠳ᠋ᠤ ᠳᠤᠰᠤᠭᠠᠯ ᠨᠠᠮᠠᠵᠤ ᠢᠩᠭᠡ ᠪᠣᠳᠤᠭᠤ ᠡᠴᠡ ᠡᠭᠢᠯᠡᠨ ᠪᠦᠭᠦ ᠳᠡᠮᠡᠭᠡ ᠪᠠᠨ ᠠᠮᠤᠰᠤ ᠪᠣᠳᠠᠭ᠎ᠠ ᠪᠠᠷ ᠮᠢᠯᠢᠶᠠᠳᠠᠭ᠃ ᠳᠠᠭᠢᠯᠭ᠎ᠠ ᠳᠡᠭᠦᠰᠴᠤ᠂ ᠳᠠᠭᠢᠯᠭ᠎ᠠ ᠳᠤ ᠢᠷᠡᠭ᠍ᠰᠡᠨ ᠵᠤᠴᠢᠳ ᠪᠣᠴᠠᠬᠤ ᠳᠤ ᠭᠡᠷ ᠤᠨ ᠡᠵᠡᠨ ᠨᠢ ᠪᠣᠤᠷ᠎ᠠ ᠶᠢᠨ ᠵᠤᠭᠳᠤᠷ ᠡᠴᠡ ᠪᠠᠨ ᠭᠦᠮᠤᠨ ᠪᠦᠷᠢ ᠳᠤ ᠳᠦᠭᠡᠭᠡᠵᠤ ᠥᠭ᠍ᠳᠡᠭ᠌᠂ ᠢᠩᠭᠢᠭᠦ ᠳᠤ ᠬᠠᠷᠢᠭᠤ ᠳᠤ ᠨᠢ᠄ 《ᠳᠡᠮᠡᠭᠡ ᠴᠢᠨᠢ ᠪᠣᠮ ᠰᠠᠶ᠎ᠠ ᠥᠰᠳᠦᠭᠡᠢ︕》 ᠭᠡᠰᠡᠨ ᠰᠠᠢ᠌ᠬᠠᠨ ᠢᠷᠦᠭᠡᠯ ᠶᠢᠡᠨ ᠠᠢ᠌ᠯᠠᠳᠤᠭᠠᠤᠨ ᠬᠠᠷᠢᠬᠤ ᠪᠠᠷ ᠮᠤᠷᠳᠠᠵᠠᠭᠠᠳᠠᠭ ᠪᠢᠯᠠ᠃
ᠣᠢ᠌ᠷ᠎ᠠ ᠶᠢᠨ ᠵᠢᠯ ᠤᠳ ᠲᠤ ᠳᠡᠮᠡᠭᠡ ᠪᠠᠨ ᠬᠠᠮᠠᠭᠠᠯᠠᠨ ᠥᠰᠭᠡᠵᠤ ᠪᠠᠢ᠌ᠭ᠎ᠠ ᠠᠢ᠌ᠯ ᠡᠷᠦᠭᠡ ᠨᠢ ᠡᠨᠡ ᠭᠦ ᠵᠠᠩ ᠳᠠᠳᠬᠠᠯ ᠢ ᠪᠠᠷᠢᠮᠳᠠᠯᠠᠵᠤ ᠪᠠᠢ᠌ᠬᠤ ᠪᠠᠷ ᠪᠠᠷᠠᠬᠤ ᠦᠭᠡᠶ ᠪᠠᠰᠠ ᠣᠤᠠᠬ᠎ᠠ ᠠᠭᠤᠯᠭ᠎ᠠ ᠶᠢᠨ ᠳᠠᠯ᠎ᠠ ᠳᠤ ᠠᠷᠪᠢᠨ ᠰᠢᠨ᠎ᠠ ᠶᠤᠰᠤᠨ ᠤ ᠨᠡᠮᠡᠭ᠍ᠳᠡᠯ ᠲᠡᠶ ᠪᠣᠯᠵᠠᠢ᠃
⒌ ᠰᠢᠨ᠎ᠠ ᠪᠠᠷᠢ ᠭᠠᠯ ᠳᠤ ᠮᠥᠷᠭᠦᠭᠦ ᠳᠠᠭᠢᠯᠭ᠎ᠠ
ᠮᠤᠩᠭ᠋ᠤᠯᠴᠤᠳ ᠤᠨ ᠶᠤᠰᠤᠨ ᠳᠤ ᠰᠢᠨ᠎ᠠ ᠪᠠᠷᠢ ᠪᠠᠭᠤᠵᠤ ᠢᠷᠡᠮᠡᠭ᠍ᠴᠡ ᠪᠠᠨ ᠶᠠᠭᠤᠨ ᠤ ᠡᠮᠦᠨ᠎ᠡ ᠬᠠᠳᠠᠮ ᠤᠨ ᠭᠠᠯ ᠳᠤ ᠮᠥᠷᠭᠦᠵᠤ ᠭᠠᠯ ᠤᠨ ᠳᠠᠭᠢᠯᠭ᠎ᠠ ᠭᠢᠳᠡᠭ᠌᠃
ᠰᠢᠨ᠎ᠠ ᠪᠠᠷᠢ ᠶᠢ ᠬᠠᠳᠠᠮ ᠤᠨ ᠡᠭᠦᠳᠡᠨ ᠳᠤ ᠭᠦᠷᠭᠡᠵᠤ ᠢᠷᠡᠭᠦ ᠳᠤ᠂ ᠭᠡᠷ ᠤᠨ ᠡᠮᠦᠨ᠎ᠡ ᠨᠤᠴᠤᠭᠠᠭᠰᠠᠨ ᠬᠤᠶᠠᠷ ᠣᠪᠣᠭ᠎ᠠ ᠭᠠᠯ ᠤᠨ ᠳᠤᠮᠳᠠᠭᠤᠷ ᠬᠤᠶᠠᠷ ᠪᠠᠷᠭᠡᠳ ᠨᠢ ᠭᠦᠳᠦᠯᠵᠤ ᠰᠢᠷᠢᠭᠯᠡᠭᠡᠳ᠂ ᠴᠠᠭᠠᠨ ᠲ᠋ᠤᠭᠳᠤᠢ ᠳᠤ ᠭᠠᠷ ᠢ ᠨᠢ ᠳᠤᠭᠳᠣᠢ᠌ᠯᠠᠵᠤ ᠬᠠᠳᠠᠮ ᠤᠨ ᠡᠭᠦᠳᠡ ᠶᠢ ᠠᠯᠬᠤᠭᠤᠯᠳᠠᠭ᠃ ᠭᠦᠤ ᠨᠢ ᠡᠵᠢ ᠶᠢᠨ ᠶᠢᠡᠨ ᠪᠠᠵᠠᠭᠠᠭᠰᠠᠨ ᠭᠠᠯ ᠳᠠᠭᠢᠯᠭ᠎ᠠ ᠶᠢᠨ ᠵᠣᠢ᠌ᠯ ᠶᠢᠡᠨ ᠭᠠᠯ ᠤᠨ ᠪᠣᠷᠬᠠᠨ ᠳᠤ ᠡᠷᠭᠦᠭᠦ ᠳᠤ᠂ ᠰᠢᠨ᠎ᠠ ᠪᠠᠷᠢ ᠨᠢ ᠭᠠᠯ ᠤᠨ ᠪᠣᠷᠬᠠᠨ ᠳᠤ ᠪᠠᠨ ᠭᠠᠷ ᠰᠤᠩᠭ᠋ᠠᠯ ᠦᠭᠡᠶ ᠠᠷᠴᠠ ᠭᠦᠵᠢ ᠪᠠᠨ ᠡᠷᠭᠦᠵᠤ᠂ ᠶᠢᠰᠤ ᠶᠢᠰᠤ ᠨᠠᠶᠠᠨ ᠨᠢᠭᠡ ᠪᠠᠷ ᠶᠢᠰᠤᠯᠠᠵᠤ ᠮᠥᠷᠭᠦᠭᠦ ᠳᠤ᠂ ᠬᠤᠠᠵᠢᠨ ᠡᠴᠡ 《ᠭᠠᠯ ᠤᠨ ᠢᠷᠦᠭᠡᠯ》 ᠪᠣᠶᠤ 《ᠪᠠᠷᠢ ᠶᠢᠨ ᠢᠷᠦᠭᠡᠯ》 ᠊ᠢ ᠢᠷᠦᠭᠡᠨ᠎ᠡ᠃ ᠢᠷᠦᠭᠡᠭᠡᠳ ᠪᠠᠷᠠᠪᠠᠯ ᠪᠠᠷᠭᠡᠳ ᠤᠨ ᠳᠠᠭᠠᠭᠤᠯᠤᠭ᠎ᠠ ᠪᠠᠷ ᠬᠠᠳᠠᠮ ᠤᠨ ᠲᠦᠷᠦᠯ ᠳᠤ ᠰᠥᠭᠦᠷᠡᠨ ᠮᠥᠷᠭᠦᠭᠡᠳ ᠰᠢᠨ᠎ᠠ ᠪᠠᠷᠢ ᠶᠢᠨ ᠥᠷᠦᠭᠡᠨ ᠳᠤ ᠪᠠᠨ ᠣᠷᠤᠳᠠᠭ᠃
⒍ ᠠᠮᠠᠨ ᠭᠦᠵᠦᠭᠦᠨ ᠤ ᠭᠠᠯ ᠤᠨ ᠳᠠᠭᠢᠯᠭ᠎ᠠ
ᠥᠭᠦᠴᠡ ᠭᠠᠷᠭᠠᠮᠠᠭᠴᠠ ᠠᠮᠠᠨ ᠭᠦᠵᠦᠭᠦᠤ ᠪᠠᠷ ᠶᠢᠡᠨ ᠭᠠᠯ ᠳᠠᠭᠢᠬᠤ ᠶᠤᠰᠤᠨ ᠢ ᠭᠡᠯᠡᠨ᠎ᠡ᠃ ᠣᠷᠳᠤᠰ ᠮᠤᠩᠭ᠋ᠤᠯᠴᠤᠳ ᠡᠷᠳᠡ ᠳᠡᠭᠡᠳᠤ ᠦᠶ᠎ᠡ ᠡᠴᠡ ᠣᠯᠠᠮᠵᠢᠯᠠᠨ ᠢᠷᠡᠭ᠍ᠰᠡᠨ ᠣᠳᠤᠮᠰᠢᠯᠳᠤ ᠵᠠᠩᠰᠢᠯ ᠶᠢᠡᠷ ᠣᠷᠳᠤᠰ ᠳᠤᠭᠠᠯᠠᠯ ᠤᠨ ᠬᠤᠪᠢ ᠰᠠᠷ᠎ᠠ ᠶᠢᠨ ᠬᠤᠷᠢᠳ (ᠪᠠᠭ᠎ᠠ ᠴᠠᠰᠤᠨ ᠪᠣᠯᠵᠤᠭ᠎ᠠ ᠶᠢᠨ ᠦᠶᠡᠰ)ᠵᠢᠠᠷ ᠪᠠᠭ᠎ᠠ ᠮᠠᠯ ᠤᠨ ᠥᠭᠦᠴᠡ ᠭᠠᠷᠭᠠᠵᠤ᠂ ᠬᠠᠷ᠎ᠠ ᠬᠤᠵᠢᠷ ᠰᠠᠷ᠎ᠠ ᠶᠢᠨ ᠠᠷᠪᠠᠤᠨ ᠶᠢᠡᠷ (ᠶᠡᠭᠡ ᠴᠠᠰᠤᠨ ᠪᠣᠯᠵᠤᠭ᠎ᠠ ᠪᠠᠷ) ᠥᠭᠡᠷ ᠥᠭᠦᠴᠡ ᠭᠠᠷᠭᠠᠳᠠᠭ᠃ ᠮᠦᠨ ᠡᠨᠡ ᠡᠳᠦᠷ ᠳᠤᠭᠤᠭ᠎ᠠ ᠳᠦᠭᠦᠷᠡᠩ ᠮᠢᠬᠠᠨ ᠤ 《ᠳᠠᠭᠢᠯ ᠳᠤᠭᠤᠭᠠᠨ ᠤ ᠮᠢᠬ᠎ᠠ》 ᠴᠢᠨᠠᠵᠤ ᠢᠳᠡᠭᠡᠷᠡᠭᠦᠯᠦᠭ᠍ᠰᠡᠨ ᠤ ᠳᠠᠷᠠᠭ᠎ᠠ᠂ ᠠᠮᠠᠨ ᠭᠦᠵᠦᠭᠦᠤ ᠪᠣᠯᠤᠨ ᠪᠠᠷᠠᠭᠤᠨ ᠳᠠᠯ᠎ᠠ ᠶᠢᠨ ᠬᠠᠮᠤᠭ ᠤᠨ ᠪᠣᠭᠤᠨᠢ ᠬᠠᠪᠢᠰᠤ ᠶᠢᠨ ᠮᠢᠬ᠎ᠠ ᠶᠢ ᠨᠢ ᠴᠦᠮᠦᠵᠤ ᠠᠪᠣᠭᠠᠤᠨ ᠭᠦᠵᠦᠭᠦᠨ ᠳᠤ ᠨᠢ ᠪᠣᠭᠤᠨᠢ ᠬᠠᠪᠢᠰᠤ ᠶᠢ ᠨᠢ ᠣᠭᠯᠠᠵᠤ ᠪᠦᠳᠦᠷᠭᠡᠢ ᠲᠡᠶ ᠳᠠᠯ᠎ᠠ ᠶᠢ ᠨᠢ ᠥᠭᠡᠳᠡ ᠬᠠᠠᠳᠤᠭᠤᠯᠤᠨ ᠡᠪᠴᠢᠭᠦᠤ ᠪᠠᠷ ᠭᠠᠯ ᠳᠠᠭᠢᠬᠤ ᠰᠢᠭ ᠠᠷᠴᠠ ᠭᠦᠵᠢ ᠠᠭᠢ ᠭᠢᠯᠭᠠᠨ᠎ᠠ ᠪᠠᠷ ᠬᠠᠰᠢᠵᠤ ᠣᠯᠠᠨ ᠥᠩᠭᠡ ᠶᠢᠨ ᠣᠳᠠᠰᠤ ᠪᠠᠷ ᠪᠣᠭᠤᠵᠤ ᠫᠢᠯᠠᠨ ᠳᠤ ᠳᠠᠯᠪᠢᠳᠠᠭ᠃ ᠭᠡᠷ ᠤᠨ ᠡᠵᠡᠨ ᠠᠬᠠᠮᠠᠤᠨ ᠳᠤᠮᠤᠭᠠᠳᠠᠨ ᠡᠴᠡ ᠠᠮᠠᠨ ᠭᠦᠵᠦᠭᠦᠤ ᠲᠡᠶ ᠳᠠᠭᠢᠯᠭ᠎ᠠ ᠶᠢᠨ ᠫᠢᠯᠠ ᠪᠠᠨ ᠬᠤᠶᠠᠷ ᠭᠠᠷᠯᠠᠨ ᠡᠷᠭᠦᠭᠡᠳ᠂ ᠭᠡᠷ ᠤᠨ ᠭᠦᠮᠦᠰ ᠡᠴᠡ ᠡᠭᠢᠯᠡᠭᠡᠳ ᠮᠠᠯ ᠨᠢᠳᠤᠯᠤᠭᠰᠠᠨ ᠭᠦᠮᠤᠨ ᠭᠦᠷᠳᠡᠯ᠎ᠡ ᠪᠦᠭᠦᠳᠡᠭᠡᠷ ᠶᠢᠡᠨ ᠭᠠᠯ ᠤᠨ ᠪᠣᠷᠬᠠᠨ ᠳᠤ ᠪᠠᠨ ᠳᠠᠭᠢᠯ ᠡᠷᠭᠦᠵᠤ ᠳᠠᠯᠠᠯᠭ᠎ᠠ ᠠᠪᠳᠠᠭ᠃
⒎ ᠣᠯᠠᠷᠢᠯ ᠤᠨ ᠳᠠᠭᠢᠯᠭ᠎ᠠ
ᠣᠯᠠᠷᠢᠯ ᠤᠨ ᠳᠠᠭᠢᠯᠭ᠎ᠠ ᠭᠡᠳᠡᠭ᠌ ᠨᠢ 《ᠴᠢᠩᠭᠢᠰ ᠤᠨ ᠨᠢ᠋ᠮᠠᠨ ᠴᠠᠭᠠᠨ ᠣᠷᠳᠤ》 ᠵᠢᠨ ᠳᠦᠷᠪᠡᠨ ᠴᠠᠭ ᠤᠨ ᠬᠤᠷᠢᠮ ᠤᠨ ᠳᠠᠭᠢᠯᠭ᠎ᠠ ᠶᠢ ᠵᠢᠭᠠᠳᠠᠭ᠃ ᠳᠠᠷᠠ ᠨᠢ ᠳᠠᠷᠤᠢ᠄ 《ᠴᠠᠭᠠᠨ ᠰᠥᠷᠦᠭ᠌ ᠤᠨ ᠬᠤᠷᠢᠮ》 ᠊ᠤᠨ ᠳᠠᠢ᠌ᠯᠭ᠎ᠠ ᠶᠢ ᠪᠢᠯᠢᠭ᠌ ᠤᠨ ᠣᠯᠠᠷᠢᠯ ᠤᠨ ᠭᠤᠷᠪᠠᠳᠤᠭᠠᠷ ᠰᠠᠷ᠎ᠠ ᠶᠢᠨ ᠬᠤᠷᠢᠨ ᠨᠢᠭᠡᠨ ᠳᠤ ᠳᠠᠭᠢᠨ᠎ᠠ᠃ 《ᠵᠤᠨ ᠤ ᠨᠠᠭᠤᠷ ᠤᠨ (ᠡᠰᠦᠭ᠌ ᠤᠨ ᠪᠠᠶᠠᠷ) ᠬᠤᠷᠢᠮ》 ᠊ᠤᠨ ᠳᠠᠢ᠌ᠯᠭ᠎ᠠ ᠶᠢ ᠪᠢᠯᠢᠭ᠌ ᠤᠨ ᠣᠯᠠᠷᠢᠯ ᠤᠨ ᠳᠠᠪᠣᠳᠤᠭᠠᠷ ᠰᠠᠷ᠎ᠠ ᠶᠢᠨ ᠠᠷᠪᠠᠨ ᠵᠢᠷᠭᠤᠭᠠᠨ ᠳᠤ ᠳᠠᠭᠢᠨ᠎ᠠ᠃ 《ᠨᠤᠭᠳᠤ ᠱᠥᠷᠭᠡ ᠶᠢᠨ ᠬᠤᠷᠢᠮ》 ᠊ᠤᠨ ᠳᠠᠢ᠌ᠯᠭ᠎ᠠ ᠶᠢ ᠪᠢᠯᠢᠭ᠌ ᠤᠨ ᠣᠯᠠᠷᠢᠯ ᠤᠨ ᠶᠢᠰᠦᠳᠦᠭᠡᠷ ᠰᠠᠷ᠎ᠠ ᠶᠢᠨ ᠠᠷᠪᠠᠨ ᠬᠤᠶᠠᠷ ᠲᠤ ᠳᠠᠭᠢᠨ᠎ᠠ᠃ 《ᠡᠪᠦᠯ ᠤᠨ ᠳᠠᠰᠠᠮ᠎ᠠ ᠳᠠᠯᠪᠢᠬᠤᠢ ᠶᠢᠨ ᠬᠤᠷᠢᠮ》 ᠊ᠤᠨ ᠳᠠᠢ᠌ᠯᠭ᠎ᠠ ᠶᠢ ᠪᠢᠯᠢᠭ᠌ ᠤᠨ ᠣᠯᠠᠷᠢᠯ ᠤᠨ ᠠᠷᠪᠠᠳᠤᠭᠠᠷ ᠰᠠᠷ᠎ᠠ ᠶᠢᠨ ᠰᠢᠨ᠎ᠠ ᠶᠢᠨ ᠭᠤᠷᠪᠠᠨ ᠳᠤ ᠳᠠᠭᠢᠨ᠎ᠠ᠃
⒏ᠠᠢ᠌ᠯ ᠭᠡᠷ ᠤᠨ ᠶᠡᠭᠡ ᠳᠠᠭᠢᠯᠭ᠎ᠠ
⑴ ᠭᠠᠯ ᠤᠨ ᠶᠡᠭᠡ ᠳᠠᠭᠢᠯᠭ᠎ᠠ ᠶᠢᠨ ᠣᠯᠠᠮᠵᠢᠯᠠᠯ ᠶᠠᠷᠢᠶ᠎ᠠ ᠮᠠᠰᠢ ᠣᠯᠠᠨ ᠪᠠᠢ᠌ᠳᠠᠭ᠃
① ᠡᠵᠡᠨ ᠪᠣᠭᠳᠠ ᠴᠢᠩᠭᠢᠰ ᠬᠠᠭᠠᠨ ᠳᠠᠢ᠌ᠨ ᠳᠤ ᠮᠤᠷᠳᠠᠭᠠᠤᠨ ᠬᠤᠷᠢᠨ ᠭᠤᠷᠪᠠᠨ ᠤ ᠭᠠᠯ ᠤᠨ ᠳᠠᠭᠢᠯᠭ᠎ᠠ ᠳᠤ ᠪᠣᠴᠠᠵᠤ ᠵᠠᠪᠳᠤᠭᠰᠠᠨ ᠦᠭᠡᠶ ᠳᠤᠯᠠ ᠳᠠᠷᠠ ᠪᠦᠯᠦᠭ᠌ ᠮᠤᠩᠭ᠋ᠤᠯᠴᠤᠳ ᠢ ᠪᠠᠨ ᠬᠤᠷᠢᠨ ᠳᠦᠷᠪᠡᠨ ᠳᠤ ᠳᠠᠭᠢᠳᠤᠭᠠᠢ ᠭᠡᠵᠤ ᠵᠠᠷᠯᠢᠭ ᠪᠠᠭᠤᠯᠭᠠᠵᠠᠢ ᠭᠡᠳᠡᠭ᠌
② ᠴᠢᠩᠭᠢᠰ ᠬᠠᠭᠠᠨ ᠳᠠᠢ᠌ᠨ ᠳᠤ ᠮᠤᠷᠳᠠᠭᠠᠤᠨ ᠬᠤᠷᠢᠨ ᠭᠤᠷᠪᠠᠨ ᠳᠤ ᠪᠣᠴᠠᠵᠤ ᠢᠷᠡᠭ᠍ᠰᠡᠨ ᠦᠭᠡᠶ ᠳᠤᠯᠠ ᠨᠢᠭᠡ ᠪᠦᠯᠦᠭ᠌ ᠮᠤᠩᠭ᠋ᠤᠯᠴᠤᠳ ᠨᠢ ᠬᠤᠷᠢᠨ ᠭᠤᠷᠪᠠᠨ ᠳᠤ ᠳᠠᠭᠢᠬᠤ ᠳᠤ ᠪᠠᠰᠠ ᠨᠢᠭᠡ ᠪᠦᠯᠦᠭ᠌ ᠮᠤᠩᠭ᠋ᠤᠯᠴᠤᠳ ᠨᠢ ᠴᠢᠩᠭᠢᠰ ᠬᠠᠭᠠᠨ ᠢ ᠪᠣᠴᠠᠵᠤ ᠢᠷᠡᠭ᠍ᠰᠡᠨ ᠬᠣᠢ᠌ᠨ᠎ᠠ ᠬᠤᠷᠢᠨ ᠳᠦᠷᠪᠡᠨ ᠳᠤ ᠨᠢ ᠳᠠᠭᠢᠵᠠᠢ᠃ ᠬᠤᠷᠢᠨ ᠳᠦᠷᠪᠡᠨ ᠳᠤ ᠳᠠᠭᠢᠭᠰᠠᠤᠨ ᠢ ᠵᠢᠷᠤᠮᠳᠠᠢ ᠮᠤᠩᠭ᠋ᠤᠯᠴᠤᠳ ᠭᠡᠵᠤ ᠮᠠᠭᠳᠠᠨ ᠰᠠᠢ᠌ᠰᠢᠶᠠᠳᠠᠭ ᠭᠡᠨ᠎ᠡ
③ ᠬᠤᠷᠢᠨ ᠭᠤᠷᠪᠠᠨ ᠪᠣᠯ ᠭᠠᠯ ᠤᠨ ᠳᠡᠭ᠍ᠷᠢ ᠣᠷᠴᠢᠯᠠᠩ ᠳᠤ ᠪᠠᠭᠤᠵᠤ ᠢᠷᠡᠭᠦ ᠡᠳᠦᠷ᠂ ᠬᠤᠷᠢᠨ ᠳᠦᠷᠪᠡᠨ ᠪᠣᠯ ᠪᠣᠴᠠᠵᠤ ᠶᠠᠪᠣᠬᠤ ᠡᠳᠦᠷ ᠳᠤᠯᠠ ᠵᠠᠷᠢᠮ ᠨᠢ ᠣᠭᠳᠤᠵᠤ ᠠᠮᠤᠰᠤ ᠪᠣᠳᠠᠭ᠎ᠠ ᠮᠢᠯᠢᠶᠠᠵᠤ ᠪᠠᠢ᠌ᠨ᠎ᠠ᠂ ᠵᠠᠷᠢᠮ ᠨᠢ ᠮᠤᠷᠳᠠᠭᠤᠯᠵᠤ ᠠᠮᠠ ᠬᠠᠮᠠᠷ ᠢ ᠨᠠᠭᠠᠵᠤ ᠪᠠᠢ᠌ᠨ᠎ᠠ ᠭᠡᠳᠡᠭ᠌᠂ ᠶᠠᠭᠤ ᠭᠡᠪᠠᠯ ᠭᠠᠯ ᠤᠨ ᠪᠣᠷᠬᠠᠨ ᠭᠡᠳᠡᠭ᠌ ᠨᠢ ᠢᠯᠡᠭᠦᠤ ᠠᠮᠠ ᠲᠡᠶ ᠭᠡᠨ᠎ᠡ᠂ ᠴᠢ ᠳᠡᠭᠦᠨ ᠢ ᠡᠰᠡ ᠳᠤᠯᠳᠣᠢ᠌ᠯᠠᠪᠠᠰᠤ ᠳᠠᠷᠠ ᠬᠠᠷᠢᠭᠰᠠᠨ ᠤ ᠳᠠᠷᠠᠭ᠎ᠠ ᠳᠡᠭᠡᠳᠤ ᠳᠡᠭ᠍ᠷᠢ ᠳᠤ ᠵᠠᠭᠠᠯᠳᠤᠵᠤ ᠭᠠᠢ ᠪᠠᠷᠴᠢᠳ ᠣᠴᠠᠷᠠᠭᠤᠯᠳᠠᠭ ᠭᠡᠨ᠎ᠡ
④ ᠳᠠᠢ᠌ᠵᠢ ᠶᠢᠨ ᠭᠠᠯ ᠳᠠᠭᠢᠯᠭ᠎ᠠ ᠬᠤᠷᠢᠨ ᠭᠤᠷᠪᠠᠨ᠂ ᠬᠠᠷᠠᠴᠤ ᠶᠢᠨ ᠭᠠᠯ ᠳᠠᠭᠢᠯᠭ᠎ᠠ ᠬᠤᠷᠢᠨ ᠳᠦᠷᠪᠡᠨ ᠳᠤ ᠭᠡᠳᠡᠭ᠌ ᠴᠤ ᠪᠣᠢ
⑤ ᠣᠷᠳᠤᠰ ᠤᠨ ᠳᠤᠯᠤᠭᠠᠨ ᠬᠤᠰᠢᠭᠤᠨ ᠤ ᠣᠳᠤᠭ᠂ ᠦᠤᠰᠢᠨ ᠤ ᠢᠷᠭᠡᠳ ᠤᠨ ᠣᠯᠠᠩᠭᠢ ᠨᠢ ᠬᠤᠷᠢᠨ ᠳᠦᠷᠪᠡᠨ ᠳᠤ᠂ ᠵᠠᠰᠠᠭ᠂ ᠵᠢᠶᠦ᠋ᠨ ᠸᠠᠩ ᠵᠡᠷᠭᠡ ᠬᠤᠰᠢᠭᠤᠨ ᠤ ᠭᠢ ᠨᠢ ᠬᠤᠷᠢᠨ ᠭᠤᠷᠪᠠᠨ ᠳᠤ ᠳᠠᠭᠢᠳᠠᠭ ᠭᠡᠵᠤ ᠭᠡᠯᠡᠳᠡᠭ᠌ ᠴᠤ ᠪᠣᠢ᠃
⑵ ᠶᠡᠭᠡ ᠳᠠᠭᠢᠯᠭ᠎ᠠ ᠶᠢᠨ ᠶᠡᠪᠦᠴᠡ
ᠶᠡᠭᠡ ᠳᠠᠭᠢᠯᠭ᠎ᠠ ᠶᠢᠨ ᠶᠠᠪᠣᠴᠠ ᠨᠢ ᠮᠠᠰᠢ ᠨᠠᠷᠢᠯᠢᠭ ᠮᠥᠷᠳᠡᠭᠡᠨ ᠣᠷᠳᠤᠰ ᠤᠨ ᠳᠤᠯᠤᠭᠠᠨ ᠬᠤᠰᠢᠭᠤᠨ ᠳᠤ ᠴᠤ ᠠᠳᠠᠯᠢ ᠦᠭᠡᠶ ᠪᠠᠢ᠌ᠳᠠᠭ᠃ ᠶᠡᠭᠡ ᠲᠦᠯᠦᠪ ᠳᠣᠢ᠌ᠮᠤᠴᠢᠯᠠᠨ ᠶᠠᠷᠢᠪᠠᠯ ᠳᠤᠤᠷᠠᠭᠢ ᠮᠠᠳᠤ᠃
①ᠭᠡᠷ ᠱᠥᠭᠦᠷᠳᠡᠭᠦ ᠪᠣᠶᠤ ᠣᠳᠤᠭ᠎ᠠ ᠱᠥᠭᠦᠷᠳᠡᠭᠦ
ᠥᠭᠡᠯᠵᠢᠨ ᠰᠠᠷ᠎ᠠ ᠶᠢᠨ ᠬᠤᠷᠢᠨ ᠭᠤᠷᠪᠠᠨ ᠳᠤ ᠠᠢ᠌ᠯ ᠪᠦᠭᠦᠳᠡ ᠠᠯᠢᠪᠠ ᠵᠣᠢ᠌ᠯ ᠶᠢᠡᠨ ᠭᠠᠳᠠᠨ᠎ᠠ ᠭᠠᠷᠭᠠᠵᠤ᠂ ᠳᠤᠭᠤᠰᠤ ᠰᠢᠷᠤᠢ ᠶᠢ ᠨᠢ ᠭᠦᠪᠢᠵᠤ ᠠᠷᠢᠯᠭᠠᠨ᠂ ᠡᠭᠦᠳᠡ ᠴᠤᠩᠬᠤ ᠪᠠᠨ ᠰᠢᠨᠡᠳᠭᠡᠨ ᠨᠠᠭᠠᠵᠤ ᠬᠤᠳᠠ ᠭᠦᠷᠢᠶ᠎ᠡ ᠪᠠᠨ ᠣᠠᠴᠠ ᠶᠢᠨ ᠰᠠᠢ᠌ᠬᠠᠨ ᠱᠥᠭᠦᠷᠳᠡᠵᠤ ᠴᠠᠪᠠᠷᠯᠠᠨ᠎ᠠ᠃ ᠢᠯᠠᠩᠭ᠋ᠤᠶ᠎ᠠ ᠭᠠᠯ ᠦᠨᠡᠰᠤᠨ ᠳᠤ ᠭᠦᠮᠤᠨ ᠬᠠᠷ᠎ᠠ᠂ ᠨᠤᠬᠠᠢ ᠮᠤᠤᠷ ᠤᠨ ᠦᠰᠦ ᠭᠢᠯᠭᠠᠰᠤ᠂ ᠪᠠᠭᠠᠰᠤ ᠰᠢᠭᠡᠰᠤ ᠣᠷᠤᠬᠤ ᠶᠢ ᠶᠡᠭᠡᠳᠡ ᠭᠢᠴᠢᠶᠠᠨ ᠠᠩᠬᠠᠷᠳᠠᠭ ᠪᠦᠭᠡᠳ ᠵᠤᠤᠬ᠎ᠠ ᠳᠤᠯᠭ᠎ᠠ ᠶᠢ ᠴᠤᠭᠢᠵᠤ ᠶᠤᠷᠳᠠᠬᠤ᠂ ᠭᠠᠯ ᠦᠨᠡᠰᠤᠨ ᠳᠡᠭᠡᠷ᠎ᠡ ᠨᠢᠰᠤᠳᠠᠵᠤ ᠨᠤᠯᠮᠤᠬᠤ ᠶᠢ ᠲᠤᠩ ᠴᠡᠭᠡᠷᠯᠡᠳᠡᠭ᠌᠂ ᠡᠭᠦᠨ ᠢ 《ᠭᠡᠷ ᠱᠥᠭᠦᠷᠳᠡᠭᠦ》 ᠪᠣᠶᠤ 《ᠣᠳᠤᠭ᠎ᠠ ᠱᠥᠭᠦᠷᠳᠡᠭᠦ》 ᠭᠡᠳᠡᠭ᠌᠃
② ᠡᠪᠴᠢᠭᠦᠤ ᠢᠳᠡᠭᠡᠷᠡᠭᠦᠯᠭᠦ
ᠪᠠᠵᠠᠭᠠᠭᠰᠠᠨ ᠡᠪᠴᠢᠭᠦᠤ ᠪᠠᠨ ᠠᠷᠴᠠ ᠶᠢᠨ ᠭᠠᠯ ᠳᠤ ᠠᠷᠢᠭᠤᠤᠠᠬᠠᠵᠤ ᠪᠡᠯᠡᠳᠭᠡᠨ᠎ᠡ᠂ ᠴᠡᠪᠠᠷᠭᠡᠨ ᠣᠭᠢᠶᠠᠭᠰᠠᠨ ᠳᠤᠭᠤᠭᠠᠨ ᠳᠤ ᠰᠢᠨ᠎ᠠ ᠳᠠᠮᠨᠠᠵᠤ ᠠᠪᠴᠢᠷᠠᠭᠰᠠᠨ ᠣᠰᠤ ᠭᠢᠭᠡᠳ ᠴᠠᠭᠠᠯᠠᠨ᠎ᠠ (ᠣᠰᠤᠨ ᠳᠤ ᠪᠠᠨ ᠠᠢ᠌ᠷᠠᠭ ᠰᠥ᠋ ᠳᠤᠰᠤᠭᠠᠬᠤ ᠶᠢ ᠭᠡᠯᠡᠨ᠎ᠡ)᠂ ᠳᠠᠭᠢᠨ ᠳᠡᠭᠡᠷ᠎ᠡ ᠨᠢ ᠰᠢᠭᠦᠮᠡᠯ ᠬᠤᠷᠤᠳ᠂ ᠰᠢᠭᠢᠷ ᠪᠣᠷᠠᠮ᠂ ᠣᠯᠠᠭᠠᠨ ᠴᠢᠪᠠᠭ᠎ᠠ ᠭᠢᠭᠡᠳ ᠡᠪᠴᠢᠭᠦᠤ ᠲᠡᠶ ᠪᠠᠨ ᠬᠠᠮᠳᠤ ᠵᠥᠭᠡᠯᠡᠨ ᠭᠠᠯ ᠶᠢᠡᠷ ᠠᠭᠠᠵᠢᠮ ᠴᠢᠨᠠᠵᠤ ᠡᠭᠢᠯᠡᠨ᠎ᠡ᠃
③ ᠡᠪᠴᠢᠭᠦᠤ ᠴᠥᠮᠦᠭᠦ ᠴᠢᠨᠠᠵᠤ ᠪᠣᠯᠭᠤᠭᠰᠠᠨ ᠡᠪᠴᠢᠭᠦᠤ ᠪᠠᠨ ᠳᠠᠪᠰᠢᠨ (ᠵᠠᠭᠠᠮᠠᠯ) ᠳ᠋ᠤ ᠪᠠᠭᠤᠯᠭᠠᠵᠤ ᠲᠦᠪ ᠭᠡᠷ ᠤᠨ ᠬᠣᠢ᠌ᠮᠤᠷ ᠲᠤ ᠵᠦᠪ ᠶᠢᠡᠷ ᠡᠷᠭᠢᠭᠦᠯᠤᠨ ᠰᠢᠷᠡᠭᠡᠨ (ᠭᠠᠷ ᠬᠤᠷᠤᠭᠤ ᠪᠠᠨ ᠰᠠᠢ᠌ᠨ ᠠᠷᠢᠭᠤᠤᠠᠬᠠᠭᠰᠠᠨ ᠪᠠᠢ᠌ᠬᠤ ᠭᠡᠷᠡᠭ᠍ᠳᠡᠢ) ᠳᠡᠭᠡᠷ᠎ᠡ ᠳᠠᠯᠪᠢᠵᠤ᠂ ᠠᠮᠠ ᠬᠠᠮᠠᠷ ᠶᠢᠡᠨ ᠠᠯᠴᠢᠭᠤᠷ ᠶᠢᠡᠷ ᠣᠷᠢᠶᠠᠵᠤ᠂ ᠭᠢᠳᠤᠭ᠎ᠠ ᠪᠠᠨ ᠭᠦᠩᠭᠡᠨ ᠡᠷᠭᠢᠯᠳᠦᠭᠦᠯᠤᠨ ᠦᠶ᠎ᠡ ᠮᠦᠴᠢ ᠶᠢ ᠨᠢ ᠭᠦᠡᠳᠡᠭᠡᠯ ᠦᠭᠡᠶ ᠪᠠᠷ ᠶᠠᠰᠤ ᠮᠢᠬ᠎ᠠ ᠶᠢ ᠨᠢ ᠰᠠᠯᠭᠠᠨ᠎ᠠ᠃ ᠴᠡᠭᠡᠷ᠄ ᠪᠦᠳᠦᠷᠭᠡᠢ ᠶᠢ ᠨᠢ ᠡᠰᠡ ᠭᠦᠡᠳᠡᠵᠤ᠂ ᠬᠤᠷᠢᠮ ᠤᠨ ᠡᠪᠴᠢᠭᠦᠤ ᠪᠠᠢ᠌ᠭᠰᠠᠨ ᠪᠣᠯ ᠪᠦᠳᠦᠷᠭᠡᠢ ᠶᠢ ᠨᠢ ᠵᠠᠪᠠᠯ ᠥᠯᠡᠳᠡᠭᠡᠭᠦ ᠭᠡᠷᠡᠭ᠍ᠳᠡᠢ᠃
④ ᠡᠪᠴᠢᠭᠦᠤ ᠴᠢᠮᠡᠭᠦ (ᠬᠠᠩᠭᠢᠠᠴᠤᠳ ᠡᠪᠴᠢᠭᠦᠤ ᠵᠠᠰᠠᠨ᠎ᠠ ᠭᠡᠳᠡᠭ᠌) ᠨᠢᠭᠡ ᠫᠢᠯᠠᠨ ᠳᠡᠭᠡᠷ᠎ᠡ ᠮᠤᠤᠳᠤᠤ (ᠬᠤᠨᠢᠨ) ᠴᠠᠭᠠᠰᠤ ᠶᠢ ᠳᠡᠭ᠍ᠰᠢ ᠳᠦᠷᠪᠡᠯᠵᠢᠨ ᠬᠠᠢ᠌ᠴᠢᠯᠠᠵᠤ ᠳᠡᠪᠢᠰᠦᠭᠡᠳ ᠳᠡᠭᠡᠷ᠎ᠡ ᠨᠢ ᠡᠪᠴᠢᠭᠦᠨ ᠤ ᠶᠠᠰᠤ ᠪᠠᠨ ᠡᠩᠭᠡᠷ ᠢ ᠨᠢ ᠳᠡᠭᠡᠭ᠍ᠰᠢ ᠬᠠᠠᠳᠤᠭᠤᠯᠤᠨ ᠳᠠᠯᠪᠢᠵᠤ ᠳᠡᠭᠡᠷ᠎ᠡ ᠨᠢ ᠭᠠᠯ ᠤᠨ ᠭᠡᠰᠢᠭ᠌᠂ ᠭᠠᠯ ᠤᠨ ᠪᠣᠳᠠᠭ᠎ᠠ᠂ ᠭᠠᠯ ᠤᠨ ᠪᠣᠭᠤᠷᠰᠤᠭ᠂ ᠠᠷᠴᠠ᠂ ᠭᠦᠵᠢ᠂ ᠭᠢᠯᠭᠠᠨ᠎ᠠ᠂ ᠰᠢᠷ᠎ᠠ ᠳᠤᠰᠤ᠂ ᠰᠢᠭᠦᠮᠡᠯ᠂ ᠰᠢᠭᠢᠷ ᠪᠣᠷᠠᠮ᠂ ᠬᠠᠭᠤᠷᠤᠭᠰᠠᠨ ᠠᠮᠤ ᠵᠡᠷᠭᠡ ᠪᠠᠢ᠌ᠬᠤ ᠪᠦᠭᠦᠢ ᠮᠤᠩᠭ᠋ᠤᠯ ᠢᠳᠡᠭᠡᠨ ᠶᠢᠡᠨ ᠣᠪᠣᠭᠠᠯᠠᠨ᠎ᠠ᠃ (ᠵᠠᠷᠢᠮ ᠭᠠᠵᠠᠷ ᠲᠤ᠂ ᠭᠦᠭᠡ᠂ ᠴᠠᠭᠠᠨ ᠥᠩᠭᠡ ᠶᠢᠨ ᠬᠠᠳᠠᠭ ᠶᠢᠡᠷ ᠪᠣᠶᠤ ᠰᠠᠮᠠᠵᠠᠨ ᠥᠭᠡᠭᠦ ᠪᠠᠷ ᠣᠷᠢᠶᠠᠳᠠᠭ᠃) ᠬᠠᠮᠤᠭ ᠤᠨ ᠰᠡᠭᠦᠯ ᠳᠤ ᠳᠤᠷᠭᠠᠨ ᠣᠳᠠᠰᠤ ᠪᠣᠶᠤ ᠭᠡᠯᠡᠭᠡᠢ ᠪᠠᠷ ᠳᠠᠮᠤᠭᠰᠠᠨ ᠬᠤᠨᠢᠨ ᠣᠩᠭ᠋ᠠᠰᠤᠨ ᠣᠳᠠᠰᠤ ᠪᠠᠷ ᠡᠪᠴᠢᠭᠦᠨ ᠤ ᠪᠦᠳᠦᠷᠭᠡᠢ ᠡᠴᠡ ᠡᠭᠢᠯᠡᠭᠦᠯᠤᠨ ᠬᠠᠨᠠᠨ ᠡᠷᠢᠶᠡᠯᠵᠡᠭᠦᠯᠤᠨ ᠣᠷᠢᠶᠠᠳᠠᠭ᠃
⑤ ᠭᠠᠯ ᠤᠨ ᠪᠣᠳᠠᠭ᠎ᠠ ᠡᠪᠴᠢᠭᠦᠤ ᠢᠳᠡᠭᠡᠷᠡᠭᠦᠯᠦᠭ᠍ᠰᠡᠨ ᠱᠦᠯᠦᠨ ᠳᠤ ᠨᠢ ᠮᠤᠩᠭ᠋ᠤᠯ ᠪᠣᠳᠠᠭ᠎ᠠ (ᠳᠦᠭᠦᠭᠡᠢ ᠠᠮᠤ) ᠪᠣᠶᠤ ᠳᠤᠳᠤᠷᠭ᠎ᠠ ᠪᠠᠨ ᠣᠢ᠌ᠵᠤ ᠴᠢᠨᠠᠳᠠᠭ᠂ ᠭᠡᠭᠦ ᠳᠤ ᠪᠠᠨ ᠵᠥᠭᠡᠯᠡᠨ ᠭᠠᠯ ᠶᠢᠡᠷ ᠠᠭᠠᠵᠢᠮ ᠶᠢᠡᠷ ᠱᠦᠯᠦ ᠶᠢ ᠨᠢ ᠰᠢᠷᠭᠢᠭᠡᠵᠤ ᠵᠢᠩᠨᠡᠭᠦ ᠳᠤ ᠪᠠᠨ ᠨᠢᠭᠡ ᠨᠢᠭᠡ ᠭᠦᠶᠦᠯᠳᠦᠭ᠍ᠰᠡᠨ ᠪᠣᠳᠠᠭ᠎ᠠ ᠪᠣᠯᠭᠠᠬᠤ ᠪᠠᠷ ᠴᠢᠷᠮᠠᠢ᠌ᠳᠠᠭ᠃ ᠨᠢᠯᠳᠠᠭ ᠪᠣᠶᠤ ᠪᠢᠯᠳᠠᠢ᠌ᠭᠰᠠᠨ ᠪᠣᠳᠠᠭ᠎ᠠ ᠪᠣᠯᠬᠤ ᠶᠢ ᠰᠡᠷᠭᠡᠢ᠌ᠯᠡᠨ᠎ᠡ᠃
⑥ ᠭᠠᠯ ᠳᠠᠭᠢᠬᠤ
ᠣᠷᠳᠤᠰᠴᠤᠳ ᠳᠠᠮᠤᠷ ᠳᠤᠯᠭ᠎ᠠ ᠪᠣᠶᠤ ᠰᠢᠪᠠᠷ ᠵᠤᠤᠬᠠᠨ ᠳᠤ ᠭᠠᠯ ᠳᠠᠭᠢᠳᠠᠭ᠃ ᠵᠤᠤᠬ᠎ᠠ ᠳᠤᠯᠭ᠎ᠠ ᠪᠠᠨ ᠳᠤᠭᠤᠷᠢᠭᠤᠯᠤᠨ ᠴᠠᠪᠠᠷ ᠡᠯᠡᠰᠤ ᠶᠢ ᠠᠰᠬᠠᠵᠤ ᠳᠡᠯᠭᠡᠨ᠎ᠡ᠂ ᠡᠭᠦᠨ ᠢ ᠪᠠᠨ ᠢᠠᠳᠠᠷ ᠪᠣᠶᠤ ᠠᠯᠳᠠᠨ ᠭᠦᠷᠢᠶ᠎ᠡ ᠪᠣᠰᠬᠠᠵᠤ ᠪᠠᠢ᠌ᠨ᠎ᠠ ᠭᠡᠳᠡᠭ᠌᠃ ᠳᠠᠷᠠᠭ᠎ᠠ ᠳᠤ ᠨᠢ ᠰᠢᠷ᠎ᠠ ᠪᠣᠶᠤ ᠴᠠᠭᠠᠨ ᠥᠩᠭᠡ ᠶᠢᠨ 4 ᠭᠡᠰᠡᠭ᠌ ᠳᠦᠷᠪᠡᠯᠵᠢᠨ ᠴᠠᠭᠠᠠᠰᠤ ᠶᠢ ᠳᠦᠷᠪᠡᠨ ᠥᠡᠴᠦᠭ᠌ ᠲᠤ ᠨᠢ ᠳᠡᠯᠭᠡᠵᠤ᠂ ᠳᠦᠷᠪᠡᠨ ᠫᠢᠯᠠᠨ ᠳᠤ ᠭᠠᠯ ᠤᠨ ᠭᠡᠰᠢᠭ᠌ ᠣᠪᠣᠭᠠᠯᠠᠵᠤ ᠳᠠᠯᠪᠢᠨ᠎ᠠ᠂ ᠬᠠᠮᠳᠤ ᠳᠤ ᠨᠢ ᠳᠦᠷᠪᠡᠨ ᠥᠡᠴᠦᠭ᠌ ᠲᠤ ᠨᠢ ᠭᠦᠵᠢ ᠡᠷᠭᠦᠭᠦ ᠪᠣᠶᠤ ᠭᠠᠯ ᠤᠨ ᠴᠤᠭ ᠣᠪᠣᠭᠠᠯᠠᠨ ᠠᠷᠴᠠ ᠳᠡᠷᠢᠭᠦᠳᠡᠨ ᠰᠠᠩ ᠳᠠᠯᠪᠢᠵᠤ᠂ ᠵᠤᠤᠬᠠᠨ ᠠᠮᠠᠨ ᠳᠡᠭᠡᠷ᠎ᠡ ᠪᠠᠨ ᠭᠤᠷᠪᠠ ᠪᠣᠶᠤ ᠶᠢᠰᠤᠨ ᠵᠤᠯᠠ ᠡᠷᠭᠦᠨ᠎ᠡ᠃
ᠵᠤᠤᠬᠠᠨ ᠤ ᠡᠮᠦᠨ᠎ᠡ ᠴᠠᠭᠠᠨ ᠳᠤᠯᠤᠭ ᠢᠰᠡᠭᠡᠢ ᠪᠣᠶᠤ ᠭᠡᠪᠢᠰ ᠣᠯᠪᠣᠭ ᠳᠡᠯᠭᠡᠵᠤ ᠰᠢᠷᠡᠭᠡ ᠵᠠᠰᠠᠨ᠎ᠠ᠃ ᠰᠢᠷᠡᠭᠡᠨ ᠳᠡᠭᠡᠷ᠎ᠡ ᠴᠢᠮᠠᠵᠤ ᠣᠷᠢᠶᠠᠭᠰᠠᠨ ᠡᠪᠴᠢᠭᠦᠨ ᠤ ᠪᠠᠨ ᠪᠦᠳᠦᠷᠭᠡᠢ ᠶᠢ ᠵᠤᠤᠬᠠᠨ ᠠᠮᠠ ᠣᠷᠤᠭᠤ ᠬᠠᠠᠳᠤᠭᠤᠯᠤᠨ ᠳᠠᠯᠪᠢᠭᠠᠤᠨ᠂ ᠳᠡᠷᠭᠡᠳᠡ ᠨᠢ ᠨᠢᠭᠡ ᠯᠤᠩᠬᠤ ᠠᠷᠢᠭᠢ᠂ ᠨᠢᠭᠡ ᠠᠶᠠᠭ᠎ᠠ ᠠᠢ᠌ᠷᠠᠭ ᠪᠣᠶᠤ ᠰᠥ᠋ ᠵᠢᠴᠢ ᠳᠤᠰᠤᠭᠠᠯ ᠬᠠᠯᠢᠮ (ᠡᠪᠴᠢᠭᠦᠤ ᠢᠳᠡᠭᠡᠷᠡᠭᠦᠯᠦᠭ᠍ᠰᠡᠨ ᠱᠦᠯᠦ᠂ ᠰᠢᠷ᠎ᠠ ᠳᠤᠰᠤ᠂ ᠰᠥ᠋᠂ ᠰᠢᠭᠢᠷ ᠪᠣᠷᠠᠮ᠂ ᠠᠷᠢᠭᠢ ᠳᠠᠷᠠᠰᠤ ᠪᠠᠷ ᠪᠦᠷᠢᠯᠳᠦᠭ᠍ᠰᠡᠨ ᠰᠠᠴᠤᠯᠢ)᠂ ᠨᠢᠭᠡ ᠫᠢᠯᠠ ᠭᠠᠯ ᠤᠨ ᠪᠣᠳᠠᠭ᠎ᠠ ᠵᠡᠷᠭᠡ ᠶᠢ ᠬᠠᠯᠪᠠᠭ᠎ᠠ ᠲᠡᠶ ᠬᠠᠮᠳᠤ ᠪᠡᠯᠡᠳᠭᠡᠳᠡᠭ᠌᠃
ᠭᠦᠮᠤᠨ ᠪᠣᠯᠭᠠᠨ ᠰᠢᠨ᠎ᠠ ᠬᠤᠪᠴᠠᠰᠤ ᠡᠮᠦᠰᠴᠡᠭᠡᠨ᠂ ᠭᠡᠷ ᠤᠨ ᠡᠵᠡᠨ ᠪᠣᠯᠪᠠᠰᠤ ᠭᠡᠳᠡᠪᠴᠢ ᠳᠤᠤᠬᠠᠢ᠂ ᠭᠡᠳᠡ ᠴᠠᠭᠢᠭᠤᠷ ᠶᠢᠡᠨ ᠵᠡᠭᠦᠨ᠂ ᠪᠦᠰᠡᠭᠦᠢᠴᠦᠳ ᠪᠣᠯᠪᠠᠰᠤ ᠳᠠᠷᠤᠭᠤᠯᠭ᠎ᠠ ᠵᠡᠭᠦᠭᠡ ᠪᠠᠨ ᠵᠡᠭᠦᠵᠤ᠂ ᠣᠤᠵᠢ ᠬᠠᠠᠵᠢᠶᠠᠷ ᠶᠢᠡᠨ ᠳᠠᠪᠬᠤᠷᠯᠠᠨ ᠡᠮᠦᠰᠦᠨ᠎ᠡ᠃ ᠵᠤᠤᠬᠠᠨ ᠳᠤ ᠬᠠᠢ᠌ᠯᠠᠰᠤ᠂ ᠬᠤᠵᠤᠤᠯ᠎ᠠ ᠶᠢ ᠵᠡᠷᠭᠡᠯᠡᠨ ᠨᠤᠴᠤᠭᠠᠵᠤ ᠳᠠᠯᠪᠢᠨ᠎ᠠ᠃ ᠭᠡᠷ ᠤᠨ ᠡᠵᠡᠨ ᠳᠡᠷᠢᠭᠦᠯᠡᠨ᠂ ᠳᠤᠯᠤᠭ ᠢᠰᠡᠭᠡᠢ ᠳᠡᠭᠡᠷ᠎ᠡ ᠬᠤᠷᠮᠤᠢ ᠳᠠᠪᠢᠰᠤᠨ ᠰᠥᠭᠦᠳᠴᠤ᠂ ᠴᠢᠮᠡᠭ᠍ᠰᠡᠨ ᠡᠪᠴᠢᠭᠦᠤ ᠪᠠᠨ ᠭᠢᠴᠢᠶᠡᠩᠭᠦᠢᠯᠡᠨ ᠡᠷᠭᠦᠵᠤ᠂ ᠠᠷᠢᠭᠢ ᠪᠣᠳᠠᠭ᠎ᠠ᠂ ᠭᠠᠯ ᠤᠨ ᠭᠡᠰᠢᠭ᠌ ᠶᠢᠡᠨ ᠨᠢᠵᠡᠭᠡᠳ ᠡᠷᠭᠦᠭᠦ ᠶᠢᠨ ᠬᠠᠮᠳᠤ ᠳᠤᠰᠤᠭᠠᠯ ᠶᠢᠡᠨ ᠭᠤᠷᠪᠠ ᠭᠤᠷᠪᠠ ᠳᠤᠰᠤᠭᠠᠵᠤ᠂ ᠭᠤᠷᠪᠠ ᠣᠳᠠᠭ᠎ᠠ ᠰᠥᠰᠦᠭᠯᠡᠨ ᠮᠥᠷᠭᠦᠵᠤ᠂ ᠭᠠᠯ ᠤᠨ ᠥᠴᠢᠭ᠌ ᠤᠨ ᠣᠩᠰᠢᠯᠭ᠎ᠠ ᠪᠠᠨ ᠭᠢᠳᠡᠭ᠌᠃ ᠮᠤᠩᠭ᠋ᠤᠯ ᠭᠡᠷ ᠲᠤ ᠪᠠᠢ᠌ᠭᠰᠠᠨ ᠪᠣᠯ ᠫᠢᠯᠠᠨ ᠳᠤ ᠪᠠᠢ᠌ᠭ᠎ᠠ ᠰᠢᠷ᠎ᠠ ᠴᠠᠭᠠᠰᠤ ᠡᠴᠡ ᠭᠦᠮᠤᠨ ᠪᠦᠷᠢ ᠨᠢᠭᠡ ᠪᠣᠶᠤ ᠨᠢᠵᠡᠭᠡᠳ ᠭᠡᠰᠡᠭ᠌ ᠢ ᠰᠢᠳᠠᠭᠠᠵᠤ᠂ ᠳᠤᠭᠤᠨᠤ ᠪᠠᠷ ᠭᠠᠯ ᠤᠨ ᠢᠯᠴᠢ ᠶᠢ ᠮᠤᠷᠳᠠᠭᠤᠯᠳᠠᠭ᠃ ᠡᠭᠦᠨ ᠢ ᠠᠵᠢᠷᠭ᠎ᠠ ᠭᠦᠶᠦᠯᠭᠡᠨ᠎ᠡ ᠭᠡᠨ᠎ᠡ᠃ ᠢᠩᠭᠢᠭ᠍ᠰᠡᠨ ᠤ ᠳᠠᠷᠠᠭ᠎ᠠ ᠳᠠᠮᠤᠷ ᠳᠤᠯᠭᠠᠨ ᠤ ᠪᠠᠨ ᠳᠦᠷᠪᠡᠨ ᠣᠴᠤᠭ (ᠭᠦᠯ) ᠊ᠢ ᠭᠠᠯ ᠤᠨ ᠪᠣᠳᠠᠭ᠎ᠠ ᠪᠠᠷ ᠮᠢᠯᠢᠶᠠᠬᠤ ᠶᠢᠨ ᠳᠠᠭᠠᠤ ᠭᠡᠷ ᠤᠨ ᠳᠦᠷᠪᠡᠨ ᠵᠥᠭ᠌ ᠲᠤ ᠳᠤᠰ ᠪᠦᠷᠢ ᠭᠤᠷᠪᠠᠠᠳᠠ ᠮᠢᠯᠢᠶᠠᠨ᠎ᠠ᠃ ᠪᠠᠢ᠌ᠰᠢᠩ ᠭᠡᠷ ᠲᠤ ᠪᠠᠢ᠌ᠭᠰᠠᠨ ᠪᠣᠯ ᠰᠢᠷ᠎ᠠ ᠴᠠᠭᠠᠰᠤ ᠪᠠᠨ ᠵᠤᠤᠬᠠᠨ ᠳᠤ ᠪᠠᠨ ᠰᠢᠳᠠᠭᠠᠬᠤ ᠪᠣᠶᠤ ᠮᠢᠯᠢᠶᠠᠬᠤ ᠳᠤ ᠪᠠᠨ ᠭᠡᠷ ᠤᠨ ᠳᠦᠷᠪᠡᠨ ᠳᠠᠯ᠎ᠠ ᠶᠢᠨ ᠭᠡᠷᠡᠮ ᠢ ᠮᠢᠯᠢᠶᠠᠳᠠᠭ᠃ ᠪᠠᠰᠠ ᠵᠠᠷᠢᠮ ᠨᠢ ᠡᠭᠦᠳᠡᠨ ᠡᠨᠢᠭᠡ (ᠡᠭᠦᠳᠡᠨ ᠪᠣᠱᠤᠭᠠᠨ ᠤ ᠡᠰᠡᠷᠭᠦ ᠳᠠᠯ᠎ᠠ ᠳᠤᠳᠤᠭᠤ ᠶᠢ ᠭᠡᠯᠡᠨ᠎ᠡ) ᠪᠣᠶᠤ ᠵᠤᠤᠬᠠᠨ ᠠᠮᠠ ᠪᠠᠨ ᠭᠤᠷᠪᠠᠠᠳᠠ ᠮᠢᠯᠢᠶᠠᠳᠠᠭ᠃
ᠵᠤᠬᠢᠶᠠᠭᠴᠢ ᠶᠢᠨ ᠬᠠᠶᠢᠭ᠄ ᠣᠷᠳᠤᠰ ᠬᠤᠳᠠ ᠶᠢᠨ ᠣᠳᠤᠭ ᠤᠨ ᠡᠮᠦᠨᠡᠳᠤ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠ᠊·ᠬᠠᠰᠴᠢᠯᠠᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7500
ᠴᠠᠭ᠄ 2009 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ