ᠨᠡᠪᠲᠡᠷᠡᠨ ᠤᠷᠤᠬᠤ
ᠦᠷ᠎ᠡ ᠠᠰᠢᠭᠳᠤ ᠰᠤᠷᠤᠯᠴᠠᠬᠤ ᠠᠷᠭ᠎ᠠ

    ᠡᠩ ᠳᠡᠷᠢᠭᠦᠨ ᠳᠤ ᠭᠡᠷ ᠤᠨ ᠠᠬᠠᠮᠠᠤᠨ ᠰᠤᠷᠤᠭᠴᠢᠳ ᠢ ᠭᠦᠡᠳᠦᠳᠭᠡᠭᠦ᠂ ᠢᠳᠡᠭᠡᠭᠦ᠂ ᠣᠢ᠌ᠯᠠᠭᠠᠬᠤ ᠭᠡᠷᠡᠭ᠍ᠳᠡᠢ᠃ ᠰᠤᠷᠤᠭᠴᠢᠳ ᠤᠨ ᠶᠠᠮᠠᠷ ᠵᠡᠷᠭᠡ ᠶᠢᠨ ᠭᠢᠷᠢ ᠪᠦᠳᠦᠮᠵᠢ ᠣᠯᠬᠤ ᠨᠢ ᠳᠠᠳᠠᠨ ᠤ ᠰᠤᠷᠬᠤ ᠴᠢᠳᠠᠪᠣᠷᠢ ᠲᠡᠶ ᠬᠤᠯᠪᠣᠭᠳᠠᠨ᠎ᠠ᠃

    ᠰᠤᠷᠤᠯᠴᠠᠬᠤ ᠴᠢᠳᠠᠪᠣᠷᠢ᠄ (ᠭᠤᠷᠪᠠᠨ ᠡᠯᠧᠮᠧᠨ᠋ᠲ)᠂ ᠰᠤᠷᠤᠯᠴᠠᠬᠤ ᠰᠤᠷᠳᠠᠯ ᠳᠦᠷᠢᠮᠵᠢᠭᠦᠨ᠂ ᠰᠢᠯᠢᠳᠡᠭ᠌ ᠰᠠᠢ᠌ᠨ ᠰᠤᠷᠤᠯᠴᠠᠬᠤ ᠳᠠᠳᠬᠠᠯ᠂ ᠦᠷ᠎ᠡ ᠠᠰᠢᠭᠳᠤ ᠰᠤᠷᠬᠤ ᠠᠷᠭ᠎ᠠ

    ᠪᠣᠳᠠᠳᠠᠢ ᠪᠠᠷ ᠶᠠᠷᠢᠪᠠᠯ᠄ (ᠭᠡᠷ ᠤᠨ ᠠᠬᠠᠮᠠᠤᠨ ᠡᠴᠠ ᠭᠠᠷ ᠡᠷᠭᠦᠭᠦᠯᠤᠨ ᠣᠢ᠌ᠯᠠᠭᠠᠭᠰᠠᠨ ᠠᠰᠠᠭᠤᠳᠠᠯ)

    ᠰᠢᠨ᠎ᠡ ᠭᠢᠴᠢᠶᠠᠯ ᠡᠴᠠ ᠡᠮᠤᠨ᠎ᠡ ᠥᠪᠠᠷᠳᠡᠭᠡᠨ ᠣᠷᠢᠤᠠᠴᠢᠯᠠᠨ ᠰᠤᠷᠬᠤ ᠳᠠᠳᠬᠠᠯ ᠲᠡᠶ ᠦᠦ︖

    ᠭᠡᠷ ᠲᠤ ᠪᠠᠨ ᠬᠠᠷᠢᠭᠰᠠᠨ ᠤ ᠳᠠᠷᠠᠭ᠎ᠠ ᠳᠠᠰᠬᠠᠯ ᠭᠢᠭᠦ ᠡᠴᠠ ᠡᠮᠤᠨ᠎ᠡ ᠳᠠᠪᠳᠠᠳᠠᠭ ᠦᠦ︖

    ᠲ᠋ᠠᠰᠬᠠᠯ ᠭᠢᠭᠦ ᠦᠶᠡᠰ ᠴᠠᠭ ᠤᠨ ᠲᠦᠯᠦᠪᠯᠡᠭᠡ ᠳᠤᠭᠳᠠᠭᠠᠳᠠᠭ ᠦᠦ︖

    ᠲ᠋ᠠᠰᠬᠠᠯ ᠤᠨ ᠪᠣᠷᠤᠭᠤ ᠶᠢ ᠵᠠᠰᠠᠬᠤ ᠳᠡᠮᠳᠡᠭᠯᠡᠯ ᠪᠣᠯᠤᠨ ᠭᠦᠴᠢᠷ ᠰᠠᠳᠤᠪ ᠤᠨ ᠳᠡᠮᠳᠡᠭᠯᠡᠯ ᠲᠡᠶ ᠦᠦ︖

    ᠡᠨᠡ ᠪᠣᠯ ᠰᠤᠷᠤᠯᠴᠠᠬᠤ ᠰᠤᠷᠳᠠᠯ ᠳᠦᠷᠢᠮᠵᠢᠭᠦᠨ ᠪᠠᠢ᠌ᠬᠤ ᠶᠢ ᠢᠯᠡᠳᠭᠡᠨ᠎ᠡ

    ᠭᠡᠷ ᠳᠤᠳᠤᠷ᠎ᠠ ᠨᠢᠰᠴᠤ ᠪᠠᠢ᠌ᠭ᠎ᠠ ᠢᠯᠠᠭ᠎ᠠ ᠨᠢᠰᠭᠦ ᠴᠢᠭᠯᠡᠯ ᠶᠢᠡᠨ ᠥᠭᠡᠷᠡᠴᠢᠯᠡᠭᠦ ᠦᠭᠡᠶ ᠪᠣᠯ ᠭᠡᠵᠢᠶᠡᠳᠡ ᠨᠡᠭᠡᠭᠡᠵᠤ ᠪᠠᠢ᠌ᠭ᠎ᠠ ᠡᠭᠦᠳᠡ ᠪᠠᠷ ᠭᠠᠷᠴᠤ ᠳᠡᠢ᠌ᠯᠭᠦ ᠦᠭᠡᠶ ᠲᠡᠶ ᠠᠳᠠᠯᠢ ᠪᠠᠷ ᠰᠤᠷᠤᠭᠴᠢᠳ ᠰᠤᠷᠬᠤ ᠠᠷᠭ᠎ᠠ ᠰᠤᠷᠤᠯᠴᠠᠬᠤ ᠰᠤᠷᠳᠠᠯ ᠶᠢᠡᠨ ᠥᠭᠡᠷᠡᠴᠢᠯᠡᠭᠦ ᠦᠭᠡᠶ ᠪᠣᠯ ᠰᠤᠷᠤᠯᠭ᠎ᠠ ᠶᠢᠨ ᠦᠷ᠎ᠡ ᠪᠦᠳᠦᠮᠵᠢ ᠬᠤᠪᠢᠷᠠᠯᠳᠠ ᠭᠠᠷᠬᠤ ᠦᠭᠡᠶ ᠪᠣᠯᠤᠨ᠎ᠠ᠃

    ᠰᠤᠷᠬᠤ ᠶᠢᠨ 8 ᠭᠤᠭᠴᠤᠭ᠎ᠠ᠄

    ᠲᠦᠯᠦᠪᠯᠡᠭᠡ ᠶᠢᠨ ᠬᠠᠮᠢᠶᠠᠷᠤᠯᠳᠠ᠄ ᠳᠠᠷᠤᠢ ᠰᠤᠷᠤᠯᠴᠠᠯᠭ᠎ᠠ ᠳᠤ ᠪᠠᠨ ᠴᠠᠭ ᠤᠨ ᠳᠠᠯ᠎ᠠ ᠪᠠᠷ ᠪᠣᠳᠠᠳᠠᠢ ᠲᠦᠯᠦᠪᠯᠡᠭᠡ ᠳᠤᠭᠳᠠᠭᠠᠭᠰᠠᠨ ᠪᠠᠢ᠌ᠬᠤ ᠭᠡᠷᠡᠭ᠍ᠳᠡᠢ᠃

    ᠣᠷᠢᠤᠠᠴᠢᠯᠠᠨ ᠰᠤᠷᠬᠤ ᠬᠠᠮᠢᠶᠠᠷᠤᠯᠳᠠ᠄ ᠳᠠᠷᠤᠢ ᠭᠢᠴᠢᠶᠠᠯ ᠪᠦᠷᠢ ᠳᠤ ᠭᠡᠳᠤᠨ ᠮᠢᠨᠦ᠋ᠲ ᠤᠨ ᠴᠠᠭ ᠵᠠᠷᠤᠴᠠᠭᠤᠯᠵᠤ ᠦᠪᠡᠷ ᠶᠢᠡᠨ ᠣᠷᠢᠤᠠᠴᠢᠯᠠᠨ ᠦᠵᠡᠨ᠎ᠡ᠂ ᠭᠡᠭᠦ ᠳᠤ ᠪᠠᠨ ᠣᠢ᠌ᠯᠠᠭᠠᠬᠤ ᠦᠭᠡᠶ ᠵᠣᠢ᠌ᠯ ᠳᠤ ᠪᠠᠨ ᠳᠡᠮᠳᠡᠭ᠌ ᠳᠠᠯᠪᠢᠨ᠎ᠠ᠃ ᠦᠪᠡᠷ ᠶᠢᠡᠨ ᠥᠵᠡᠭᠡᠳ ᠣᠢ᠌ᠯᠠᠭᠠᠭᠰᠠᠨ ᠦᠭᠡᠶ ᠵᠣᠢ᠌ᠯ ᠪᠣᠯ ᠳᠠᠷᠤᠢ ᠴᠢᠨᠤ ᠳᠠᠷᠠᠭ᠎ᠠ ᠡᠳᠦᠷ ᠤᠨ ᠭᠢᠴᠢᠶᠠᠯ ᠳᠤ ᠰᠤᠷᠬᠤ ᠭᠤᠤᠯᠳᠠᠯᠭ᠎ᠠ ᠪᠣᠯᠤᠨ᠎ᠠ᠃

    ᠣᠷᠢᠤᠠᠴᠢᠯᠠᠨ ᠰᠤᠷᠬᠤ ᠠᠷᠭ᠎ᠠ ᠊᠊᠊᠊᠊᠊᠊᠊᠊᠊᠊᠊᠊᠊᠊ ᠣᠩᠰᠢᠬᠤ᠂ ᠪᠢᠴᠢᠭᠦ᠂ ᠪᠣᠯᠪᠠᠰᠤᠷᠠᠬᠤ

    ᠭᠢᠴᠢᠶᠠᠯ ᠰᠤᠨᠤᠰᠬᠤ ᠬᠠᠮᠢᠶᠠᠷᠤᠯᠳᠠ᠄ ᠳᠠᠷᠤᠢ ᠥᠪᠠᠷᠳᠡᠭᠡᠨ ᠣᠷᠢᠤᠠᠴᠢᠯᠠᠨ ᠰᠤᠷᠬᠤ ᠦᠶᠡᠰ ᠣᠢ᠌ᠯᠠᠭᠠᠭᠰᠠᠨ ᠦᠭᠡᠶ ᠵᠣᠢ᠌ᠯ ᠶᠢᠡᠨ ᠭᠦᠴᠤ ᠳᠠᠯᠪᠢᠨ ᠰᠤᠨᠤᠰᠤᠨ᠎ᠠ᠃ ᠢᠩᠭᠢᠪᠠᠯ ᠰᠠ‍‌ᠶᠢ ᠶᠠᠳᠠᠷᠠᠯ ᠦᠭᠡᠶ ᠰᠤᠷᠤᠯᠴᠠᠯᠭ᠎ᠠ ᠪᠣᠯᠤᠨ᠎ᠠ᠃

    ᠭᠡᠭᠦ ᠳᠤ ᠪᠠᠨ ᠪᠠᠭᠰᠢ ᠪᠠᠨ ᠳᠠᠭᠠᠬᠤ᠂ ᠭᠤᠤᠯᠳᠠᠯᠭ᠎ᠠ ᠶᠢ ᠠᠳᠬᠤᠬᠤ᠂ ᠳᠠᠯᠠᠪᠣᠷ ᠳᠤᠨᠢ ᠳᠦᠭᠦᠭᠡᠷᠡᠭᠦ ᠶᠢ ᠪᠠᠷᠢᠮᠳᠠᠯᠠᠨ᠎ᠠ᠃

    ᠡᠭᠦᠨ ᠳᠤ ᠡᠷᠭᠡᠪᠰᠢ ᠪᠠᠭᠰᠢ ᠪᠠᠨ ᠪᠢᠰᠢᠷᠠᠵᠤ ᠪᠠᠬᠠᠷᠬᠠᠭᠰᠠᠨ ᠪᠠᠢ᠌ᠬᠤ ᠭᠡᠷᠡᠭ᠍ᠳᠡᠢ᠂ ᠪᠠᠭᠰᠢ ᠪᠠᠨ ᠪᠢᠰᠢᠷᠠᠪᠠᠯ ᠭᠢᠴᠢᠶᠠᠯ ᠢ ᠨᠢ ᠰᠤᠨᠤᠰᠬᠤ ᠳᠤᠷᠠᠳᠠᠢ ᠪᠣᠯᠤᠨ᠎ᠠ᠂   ᠭᠢᠴᠢᠶᠠᠯ ᠢ ᠨᠢ ᠳᠦᠭᠦᠭᠡᠷᠡᠭᠦ ᠰᠠᠢ᠌ᠬᠠᠨ ᠪᠣᠯᠤᠨ᠎ᠠ᠃ ᠭᠡᠷᠪᠡ ᠪᠠᠭᠰᠢ ᠪᠠᠨ ᠡᠭ᠍ᠳᠡᠭᠦᠴᠡᠵᠤ ᠳᠤᠷ᠎ᠠ ᠥᠭᠡᠢ᠌ᠴᠡᠭᠦ ᠳᠤ ᠭᠦᠷᠪᠠᠯ ᠭᠢᠴᠢᠶᠠᠯ ᠢ ᠨᠢ ᠰᠤᠨᠤᠰᠬᠤ ᠳᠤᠷ᠎ᠠ ᠦᠭᠡᠶ ᠪᠣᠯᠤᠨ᠎ᠠ᠂ ᠭᠢᠴᠢᠶᠠᠯ ᠢ ᠳᠦᠭᠦᠭᠡᠷᠡᠭᠦ ᠦᠭᠡᠶ ᠪᠣᠯᠤᠨ᠎ᠠ᠃ ᠡᠨᠡ ᠪᠣᠯ ᠣᠷᠮ᠎ᠠ ᠰᠡᠳᠬᠢᠯᠭᠡ ᠰᠤᠷᠤᠯᠴᠠᠯᠭ᠎ᠠ ᠶᠢ ᠨᠥᠯᠦᠭᠡᠯᠡᠵᠤ ᠪᠠᠢ᠌ᠭ᠎ᠠ ᠶᠢᠨ ᠢᠯᠠᠷᠠᠯ ᠪᠣᠯᠤᠨ᠎ᠠ᠃

    ᠲ᠋ᠠᠪᠳᠠᠯᠭ᠎ᠠ ᠶᠢᠨ ᠬᠠᠮᠢᠶᠠᠷᠤᠯᠳᠠ᠄ ᠳᠠᠪᠳᠠᠬᠤ ᠳᠤ ᠪᠠᠨ ᠡᠷᠭᠢᠴᠡᠭᠦᠯᠤᠨ ᠪᠣᠳᠤᠯᠭᠢᠯᠠᠬᠤ᠂ ᠮᠦᠷᠳᠠᠨ ᠪᠠᠢ᠌ᠴᠠᠭᠠᠬᠤ᠂ ᠭᠡᠯᠡᠵᠤ ᠶᠠᠷᠢᠬᠤ ᠭᠡᠯᠪᠠᠷᠢ ᠶᠢ ᠪᠠᠷᠢᠮᠳᠠᠯᠠᠨ᠎ᠠ᠃ ᠡᠷᠭᠢᠴᠡᠭᠦᠯᠤᠨ ᠪᠣᠳᠤᠯᠭᠢᠯᠠᠬᠤ ᠦᠶᠡᠰ ᠳᠤᠳᠤᠷᠬᠠᠢ ᠪᠠᠢ᠌ᠬᠤ ᠨᠢ ᠨᠢᠭᠡᠨᠲᠡ ᠪᠠᠳᠤᠤᠠᠬᠠᠭᠰᠠᠨ ᠵᠣᠢ᠌ᠯ ᠪᠣᠯᠤᠨ᠎ᠠ᠂ ᠭᠡᠷᠪᠡ ᠪᠦᠷᠦᠭ᠌ ᠪᠠᠷᠤᠭ ᠳᠤᠳᠤᠷᠬᠠᠢ ᠦᠭᠡᠶ ᠪᠠᠢ᠌ᠬᠤ ᠨᠢ ᠵᠠᠪᠠᠯ ᠳᠠᠭᠢᠨ ᠰᠤᠷᠬᠤ ᠵᠣᠢ᠌ᠯ ᠪᠣᠯᠤᠨ᠎ᠠ᠃

    ᠲ᠋ᠠᠰᠬᠠᠯ ᠭᠢᠭᠦ ᠬᠠᠮᠢᠶᠠᠷᠤᠯᠳᠠ᠄ ᠶᠠᠭᠤᠨ ᠤ ᠤᠷᠢᠳ ᠳᠠᠰᠬᠠᠯ ᠭᠢᠭᠦ ᠴᠠᠭ ᠢ ᠳᠡᠮᠳᠡᠭᠯᠡᠵᠤ᠂ ᠴᠠᠭ ᠤᠨ ᠳᠤᠭᠢᠷᠠᠭᠤᠯᠤᠯᠳᠠ ᠶᠤᠰᠤᠭᠠᠷ ᠭᠢᠵᠤ ᠭᠦᠢᠴᠡᠳᠭᠡᠭᠦ ᠶᠢ ᠪᠠᠷᠢᠮᠳᠠᠯᠠᠨ᠎ᠠ᠃ ᠵᠠᠪᠠᠯ 45 ᠮᠢᠨᠦ᠋ᠲ ᠭᠢᠪᠠᠯ ᠠᠷᠪᠠᠨ ᠮᠢᠨᠦ᠋ᠲ ᠠᠮᠠᠷᠠᠬᠤ ᠶᠢ ᠪᠠᠳᠤᠯᠠᠨ᠎ᠠ᠃

    ᠲ᠋ᠠᠪᠳᠠᠬᠤ ᠦᠭᠡᠶ ᠪᠣᠯ ᠳᠠᠰᠬᠠᠯ ᠭᠢᠭᠦ ᠦᠭᠡᠶ᠂ ᠴᠠᠭ ᠤᠨ ᠳᠤᠭᠢᠷᠠᠭᠤᠯᠤᠯᠳᠠ ᠦᠭᠡᠶ ᠪᠠᠷ ᠳᠠᠰᠬᠠᠯ ᠭᠢᠭᠦ ᠦᠭᠡᠶ᠂ ᠪᠠᠢ᠌ᠴᠠᠭᠠᠬᠤ ᠦᠭᠡᠶ ᠪᠠᠷ ᠳᠠᠰᠬᠠᠯ ᠭᠢᠭᠦ ᠦᠭᠡᠶ᠂ ᠳ᠋ᠦ᠋ᠩᠨᠡᠯᠲᠡ ᠦᠭᠡᠶ ᠪᠠᠷ ᠳᠠᠰᠬᠠᠯ ᠭᠢᠭᠦ ᠦᠭᠡᠶ ᠶᠢ ᠪᠠᠷᠢᠮᠳᠠᠯᠠᠬᠤ ᠭᠡᠷᠡᠭ᠍ᠳᠡᠢ᠃

    ᠪᠣᠷᠤᠭᠤ ᠰᠠᠳᠤᠪ ᠤᠨ ᠬᠠᠮᠢᠶᠠᠷᠤᠯᠳᠠ᠄ ᠳᠠᠷᠤᠢ ᠪᠣᠷᠤᠭᠤ ᠭᠢᠭ᠍ᠰᠡᠨ ᠰᠠᠳᠤᠪ ᠢ ᠳᠤᠰᠬᠠᠢ ᠳᠡᠮᠳᠡᠭᠯᠡᠯ ᠳᠤ ᠡᠮᠭᠢᠦᠡᠭᠡᠨ ᠳᠡᠮᠳᠡᠭᠯᠡᠵᠤ᠂ ᠳᠠᠭᠢᠨ ᠭᠢᠭᠦ ᠳᠤ ᠪᠠᠯᠡᠭᠡᠨ ᠪᠣᠯᠭᠠᠬᠤ ᠭᠡᠷᠡᠭ᠍ᠳᠡᠢ᠃

    ᠭᠡᠭᠦ ᠳᠤ ᠪᠠᠨ ᠠᠯᠳᠠᠭᠰᠠᠨ ᠬᠤᠪᠢ ᠶᠢᠨ ᠭᠦᠰᠦᠨᠦᠭ᠍ᠳᠤ ᠭᠠᠷᠭᠠᠵᠤ᠂ ᠣᠤᠯ ᠰᠠᠳᠤᠪ ᠪᠣᠷᠤᠭᠤᠳᠠᠭᠰᠠᠨ ᠪᠠᠢ᠌ᠳᠠᠯ ᠵᠢᠴᠢ ᠰᠢᠯᠳᠠᠭᠠᠨ ᠵᠦᠪ ᠬᠠᠷᠢᠭᠤᠯᠳᠠ ᠪᠦᠷᠢᠦᠡᠭᠡᠨ ᠳ᠋ᠦ᠋ᠩᠨᠡᠭᠦ ᠳᠠᠭᠢᠨ ᠣᠢ᠌ᠯᠠᠭᠠᠵᠤ ᠮᠡᠳᠡᠯᠭᠡ ᠶᠢᠨ ᠴᠢᠭ᠌ ᠢ ᠡᠵᠡᠮᠰᠢᠭᠦ ᠵᠡᠷᠭᠡ ᠠᠵᠢᠯ ᠢ ᠨᠠᠷᠢᠯᠢᠭ ᠭᠢᠨ᠎ᠡ᠃ ᠬᠤᠭᠤᠴᠠᠭᠠᠨ ᠡᠴᠦᠰ ᠤᠨ ᠰᠢᠯᠭᠠᠯᠳᠠ ᠡᠴᠠ ᠡᠮᠤᠨ᠎ᠡ ᠡᠳᠡᠭᠡᠷ ᠰᠠᠳᠤᠪ ᠶᠢᠡᠨ ᠨᠢᠭᠡ ᠣᠳᠠᠭ᠎ᠠ ᠭᠢᠪᠠᠯ ᠪᠣᠯᠴᠢᠬᠠᠨ᠎ᠠ᠃

    ᠭᠦᠴᠢᠷ ᠰᠠᠳᠤᠪ ᠤᠨ ᠬᠠᠮᠢᠶᠠᠷᠤᠯᠳᠠ᠄ ᠳᠠᠷᠤᠢ ᠭᠦᠴᠢᠷ ᠰᠠᠳᠤᠪ ᠤᠨ ᠳᠡᠮᠳᠡᠭᠯᠡᠯ ᠪᠡᠯᠡᠳᠭᠡᠵᠤ᠂ ᠰᠤᠷᠤᠯᠴᠠᠬᠤ ᠶᠠᠪᠣᠴᠠ ᠳᠤ ᠲᠤᠬᠢᠶᠠᠯᠳᠤᠭᠰᠠᠨ ᠭᠦᠴᠢᠷ ᠰᠠᠳᠤᠪ ᠢ ᠳᠡᠮᠳᠡᠭᠯᠡᠨ ᠳᠠᠭᠢᠨ ᠳᠠᠪᠳᠠᠨ ᠭᠢᠭᠦ ᠳᠤ ᠪᠠᠯᠡᠭᠡᠨ ᠪᠣᠯᠭᠠᠨ᠎ᠠ᠃

    ᠰᠢᠯᠭᠠᠯᠳᠠ ᠶᠢᠨ ᠬᠠᠮᠢᠶᠠᠷᠤᠯᠳᠠ᠄ ᠳᠠᠷᠤᠢ ᠰᠢᠯᠭᠠᠯᠳᠠ ᠳᠤ ᠠᠯᠳᠠᠭᠰᠠᠨ ᠬᠤᠪᠢ ᠶᠢ ᠪᠦᠷᠢᠦᠡᠭᠡᠨ ᠳᠡᠮᠳᠡᠭᠯᠡᠭᠦ ᠠᠵᠢᠯ ᠢ ᠨᠠᠷᠢᠯᠢᠭ ᠭᠦᠢᠴᠡᠳᠭᠡᠨ᠎ᠡ᠃ ᠰᠠᠳᠤᠪ ᠤᠨ ᠭᠡᠯᠪᠠᠷᠢ ᠶᠢ ᠳᠡᠮᠳᠡᠭᠯᠡᠨ ᠠᠯᠢ ᠳᠦᠷᠤᠯ ᠤᠨ ᠰᠠᠳᠤᠪ ᠲᠤ ᠢᠯᠡᠭᠦᠤ ᠠᠯᠳᠠᠰᠢ ᠭᠠᠷᠭᠠᠵᠤ ᠪᠠᠢ᠌ᠬᠤ ᠶᠢ ᠪᠦᠷᠢᠦᠡᠭᠡᠨ ᠳᠡᠮᠳᠡᠭᠯᠡᠵᠤ᠂ ᠶᠡᠷᠦᠩᠭᠡᠢ ᠳᠠᠪᠳᠠᠯᠭ᠎ᠠ ᠶᠢᠨ ᠦᠶᠡᠰ ᠬᠠᠷᠠᠯᠳᠠ ᠲᠡᠶ ᠳᠠᠪᠳᠠᠬᠤ ᠳᠤ ᠪᠠᠯᠡᠭᠡᠨ ᠪᠣᠯᠭᠠᠨ᠎ᠠ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤ

ᠵᠤᠬᠢᠶᠠᠭᠴᠢ᠄ ᠪᠣᠤ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 13167
ᠴᠠᠭ᠄ 2011 ᠤᠨ ᠤ 01 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ