☆ ᠡᠷᠳᠡᠨᠢᠪᠠᠭᠠᠨ᠎ᠠ
ᠡᠭᠡ ᠭᠡᠯᠡ ᠮᠢᠨᠢ
ᠭᠦᠭᠡ ᠮᠤᠩᠭ᠋ᠤᠯ ᠤᠨ ᠠᠭᠤᠤ ᠭᠡᠯᠡ
ᠭᠦᠮᠤᠨ ᠠᠷᠠᠤᠨ ᠤᠨ ᠣᠢ᠌ᠯᠠ ᠶᠢᠨ ᠮᠦᠷ
ᠭᠦᠳᠡᠭᠡ ᠳᠠᠯ᠎ᠠ ᠶᠢᠨ ᠠᠵᠢᠯᠴᠢ ᠭᠡᠯᠡ
ᠭᠦᠰᠡᠯ ᠵᠤᠷᠢᠯ ᠤᠨ ᠳᠤᠶᠠᠭᠠᠳᠤ ᠭᠡᠯᠡ
ᠨᠠᠷᠠᠨ ᠤ ᠡᠭᠡᠯᠢ ᠲᠡᠶ ᠨᠠᠢ᠌ᠷᠠᠮᠳᠠᠯ ᠤᠨ ᠭᠡᠯᠡ
ᠨᠠᠴᠢᠨ ᠤ ᠵᠤᠯᠢ ᠲᠡᠶ ᠵᠢᠪᠬᠤᠭᠠᠳᠠᠢ ᠭᠡᠯᠡ
ᠦᠪᠡᠷ ᠢ ᠪᠠᠨ ᠡᠵᠡᠮᠳᠡᠭᠦ ᠡᠵᠡᠨ ᠭᠡᠯᠡ
ᠦᠨᠢᠷ ᠨᠥᠮᠵᠦᠭ᠌ ᠭᠦᠭ᠍ᠵᠢᠯᠳᠤ ᠭᠡᠯᠡ
ᠰᠠᠷᠠᠨ ᠤ ᠭᠢᠯᠪᠠᠭ᠎ᠠ ᠲᠡᠶ ᠰᠠᠢ᠌ᠬᠠᠨ ᠭᠡᠯᠡ
ᠰᠠᠴᠠᠨ ᠴᠢᠮᠡᠭ᠌ ᠲᠡᠶ ᠣᠬᠠᠭᠠᠠᠳᠤ ᠭᠡᠯᠡ
ᠰᠡᠷᠭᠦᠯᠡᠩ ᠣᠮᠤᠭ ᠲᠡᠶ ᠥᠭᠡᠳᠡ ᠭᠡᠯᠡ
ᠰᠠᠮᠠᠭ᠎ᠠ ᠯᠢᠩᠬᠸ᠎ᠠ ᠲ᠋ᠠᠢ ᠭᠤᠸ᠎ᠠ ᠭᠡᠯᠡ
ᠢᠯᠠᠯᠳᠠ ᠠᠮᠵᠢᠯᠳᠠ ᠲᠡᠶ ᠪᠠᠭᠠᠳᠤᠷ ᠭᠡᠯᠡ
ᠠᠷᠠᠳᠴᠢᠯᠠᠯ ᠤᠨ ᠨᠢᠩᠵᠢᠨ ᠲᠡᠶ ᠵᠢᠷᠤᠮᠳᠤ ᠭᠡᠯᠡ
ᠠᠶᠤᠤᠯᠢᠬᠠᠢ ᠳᠤ ᠪᠠᠨ ᠰᠡᠳᠭᠢᠯ ᠲᠡᠶ ᠪᠠᠶᠠᠯᠢᠭ ᠭᠡᠯᠡ
ᠢᠪᠠᠭᠡᠯ ᠤᠨ ᠳᠡᠭᠡᠳᠦᠰ ᠲᠡᠶ ᠳᠠᠭᠢᠮᠳᠠᠭᠤ ᠭᠡᠯᠡ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 15527
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ