ᠨᠡᠪᠲᠡᠷᠡᠨ ᠤᠷᠤᠬᠤ
ᠭᠢᠴᠢᠶᠡᠯᠯᠡᠭᠡ ᠶᠢᠨ ᠳᠤᠳᠤᠷᠬᠠᠢ᠌ᠯᠠᠯᠳᠠ ᠭᠢᠭᠦ ᠳᠤᠬᠠᠢ ᠳᠦᠭᠦᠮ ᠣᠢ᠌ᠯᠭᠠᠯᠳᠠ

ᠭᠢᠴᠢᠶᠡᠯᠯᠡᠭᠡ ᠶᠢᠨ ᠳᠤᠳᠤᠷᠬᠠᠢ᠌ᠯᠠᠯᠳᠠ ᠪᠣᠯ ᠭᠡᠨ ᠡᠴᠠ ᠶᠠᠮᠠᠷ ᠭᠢᠴᠢᠠᠯ ᠤᠨ ᠠᠯᠢ ᠵᠢᠭᠠᠬᠤ ᠠᠭᠤᠯᠭ᠎ᠠ ᠶᠢ ᠬᠠᠮᠢᠭ᠎ᠠ ᠭᠡᠵᠢᠶ᠎ᠡ ᠶᠠᠮᠠᠷ ᠣᠨ ᠳᠤ ᠶᠠᠮᠠᠷ ᠰᠤᠷᠤᠭᠴᠢᠳ ᠲᠤ ᠶᠠᠮᠠᠷ ᠪᠠᠭᠠᠵᠢ ᠭᠡᠷᠡᠭ᠍ᠰᠡᠨ ᠰᠠᠮᠪᠠᠷ᠎ᠠ ᠶᠢ ᠭᠡᠷᠭᠢᠨ ᠪᠠᠢ᠌ᠷᠰᠢᠭᠤᠯᠤᠨ ᠶᠠᠭᠠᠭᠢᠵᠤ ᠵᠢᠭᠠᠭᠰᠠᠨ ᠶᠢᠡᠨ ᠰᠢᠡᠵᠢᠯᠡᠭᠦ ᠣᠬᠠᠭᠠᠠᠴᠢ ᠣᠨᠤᠯ ᠤᠨ ᠦᠨᠳᠦᠰᠦᠯᠠᠯ ᠲᠡᠶ᠂ ᠰᠢᠠᠵᠢᠯᠠᠵᠤ ᠰᠥᠪᠠᠭ᠍ᠴᠢᠯᠡᠵᠤ ᠬᠠᠮᠵᠢᠯᠴᠠᠨ ᠰᠤᠷᠤᠯᠴᠠᠭᠰᠠᠨ ᠪᠣᠳᠠᠳᠤ ᠪᠠᠷᠢᠮᠳᠠ ᠲᠡᠶ᠂ ᠦᠨᠡᠨ ᠮᠦᠨ ᠶᠢᠡᠷ ᠨᠢ ᠭᠤᠤᠯᠳᠠᠯᠭ᠎ᠠ ᠶᠢ ᠨᠢ ᠠᠳᠬᠤᠵᠤ ᠪᠦᠷᠢᠨ ᠳᠡᠭᠦᠯᠳᠡᠷ ᠰᠤᠳᠤᠯᠤᠭᠴᠢ᠂ ᠬᠠᠮᠢᠶᠠᠷᠤᠭᠴᠢ (ᠰᠤᠷᠤᠯᠴᠠᠭᠴᠢ) ᠨᠡᠷ ᠲᠤ ᠨᠢᠭᠤᠷᠳᠠᠨ ᠭᠢᠴᠢᠶᠡᠯᠯᠡᠭᠡ ᠪᠠᠨ ᠬᠠᠷᠢᠭᠤ ᠮᠡᠳᠡᠭᠦᠯᠤᠨ ᠳᠤᠰᠢᠶᠠᠬᠤ ᠶᠠᠪᠣᠳᠠᠯ ᠪᠣᠯᠤᠨ᠎ᠠ᠃

ᠳᠤᠬᠠᠢ᠌ᠯᠠᠪᠠᠯ᠄

ᠨᠢᠭᠡ ᠳᠤ᠄ ᠶᠠᠮᠠᠷ ᠠᠵᠢᠯ ᠤᠨ ᠬᠠᠷᠢᠭᠤᠴᠠᠯᠭ᠎ᠠ ᠪᠦᠭᠦᠢ ᠭᠡᠨ ᠭᠡᠳᠡᠭ᠌ ᠶᠢᠨ ᠳᠤᠪᠴᠢᠬᠠᠨ ᠮᠡᠳᠡᠭ᠍ᠳᠡᠨ᠎ᠡ᠃

ᠬᠤᠶᠠᠷ ᠲᠤ᠄ ᠶᠠᠮᠠᠷ ᠭᠢᠴᠢᠶᠠᠯ ᠤᠨ ᠠᠯᠢ ᠣᠨ ᠤ ᠶᠠᠮᠠᠷ ᠵᠢᠭᠠᠬᠤ ᠠᠭᠤᠯᠭ᠎ᠠ ᠶᠢ ᠵᠢᠭᠠᠭᠰᠠᠨ ᠶᠢᠡᠨ ᠳᠤᠰᠢᠶᠠᠨ᠎ᠠ᠃ (ᠡᠭᠦᠨ ᠳᠤ ᠰᠤᠷᠤᠭᠴᠢᠳ ᠶᠢᠡᠨ ᠰᠤᠷᠭᠠᠬᠤ ᠶᠢᠨ ᠳᠠᠭᠠᠤ ᠶᠠᠮᠠᠷ ᠰᠤᠷᠭᠠᠨ ᠭᠦᠮᠦᠵᠢᠯ ᠤᠨ ᠳᠤᠰᠬᠠᠢ ᠰᠠᠳᠤᠪ ᠤᠨ ᠰᠤᠳᠤᠯᠤᠯ ᠤᠨ ᠳᠠᠭᠠᠭᠠᠴᠢᠯᠠᠯ ᠶᠢᠡᠨ ᠴᠤ ᠶᠠᠷᠢᠨ᠎ᠠ)

ᠭᠤᠷᠪᠠ ᠳᠤ᠄ ᠵᠢᠭᠠᠬᠤ ᠺᠤᠨ᠋ᠰᠫᠧᠺᠲ᠋ ᠤᠨ ᠪᠡᠯᠡᠳᠭᠡᠯ ᠵᠢᠴᠢ ᠪᠠᠶᠠᠯᠠᠯ ᠶᠢᠡᠨ ᠶᠠᠷᠢᠨ᠎ᠠ᠃ ᠡᠭᠦᠨ ᠳᠤ ᠵᠢᠭᠠᠬᠤ ᠬᠠᠷᠠᠯᠳᠠ᠂ ᠵᠢᠭᠠᠬᠤ ᠭᠤᠤᠯᠳᠠᠯᠭ᠎ᠠ᠂ ᠵᠢᠭᠠᠬᠤ ᠵᠠᠩᠭᠢᠯᠭ᠎ᠠ᠂ ᠵᠢᠭᠠᠬᠤ ᠭᠦᠴᠢᠷᠳᠡᠯᠭᠡ ᠪᠣᠯᠪᠠᠰᠤᠷᠠᠯ ᠳᠠᠰᠬᠠᠯ ᠵᠡᠷᠭᠡ ᠶᠢᠨ ᠵᠢᠭᠠᠬᠤ ᠠᠭᠤᠯᠭ᠎ᠠ ᠶᠢᠨ ᠳᠤᠳᠤᠭᠠᠳᠤ ᠪᠦᠳᠦᠴᠡ ᠶᠢᠨ ᠰᠢᠡᠵᠢᠯᠡᠭᠦ ᠣᠬᠠᠭᠠᠠᠴᠢ ᠣᠨᠤᠰᠢᠯᠠᠨ ᠵᠠᠳᠠᠯᠤᠯᠳᠠ ᠵᠢᠴᠢ ᠰᠤᠷᠤᠭᠴᠢᠳ ᠤᠨ ᠰᠤᠷᠬᠤ ᠡᠵᠡᠨ ᠪᠠᠶ᠎ᠠ ᠶᠢᠨ ᠪᠠᠢ᠌ᠷᠢ ᠰᠠᠭᠤᠷᠢ ᠳᠤ ᠣᠶᠠᠯᠳᠤᠨ ᠬᠠᠢ᠌ᠨ ᠰᠥᠪᠡᠭᠴᠢᠯᠡᠭᠦ ᠬᠤᠷᠰᠢᠨ ᠬᠠᠮᠵᠢᠬᠤ ᠳᠤ ᠵᠤᠭᠢᠴᠠᠨ ᠦᠷ᠎ᠡ ᠪᠦᠳᠦᠮᠵᠢᠳᠤ ᠭᠢᠴᠢᠶᠡᠯᠯᠡᠭᠡ ᠶᠢᠨ ᠪᠣᠯᠪᠠᠰᠤᠷᠠᠯ ᠤᠨ ᠭᠤᠤᠯ ᠱᠤᠭᠤᠮ ᠤᠨ ᠰᠢᠵᠢᠮ ᠳᠤ ᠠᠶᠠᠰᠤᠭᠰᠠᠨ ᠭᠦᠳᠡᠯᠭᠡᠭᠡᠡᠳᠤ ᠳᠤᠭᠳᠠᠮᠵᠢ ᠶᠢᠨ ᠲᠦᠰᠤᠪᠯᠠᠯ ᠶᠢᠡᠨ ᠶᠠᠷᠢᠨ᠎ᠠ᠃ ᠭᠡᠭᠦ ᠳᠤ ᠪᠠᠨ ᠪᠡᠯᠡᠳᠭᠡᠯ ᠵᠢᠴᠢ ᠪᠣᠳᠠᠳᠠᠢ ᠭᠢᠴᠢᠶᠡᠯᠯᠡᠭᠡ ᠶᠢᠨ ᠬᠠᠷᠠᠯᠳᠠᠳᠤ ᠦᠷ᠎ᠡ ᠠᠰᠢᠭ ᠡᠴᠠ ᠭᠡᠳᠡᠷᠭᠦ ᠳᠤᠩᠭ᠋ᠠᠨ (ᠳᠠᠰᠬᠠᠯ ᠪᠣᠯᠪᠠᠰᠤᠷᠠᠯ ᠤᠨ ᠪᠠᠢ᠌ᠳᠠᠯ) ᠶᠠᠷᠢᠨ᠎ᠠ᠃ ᠡᠭᠦᠨ ᠳᠤ ᠭᠤᠤᠯᠳᠠᠭᠤ ᠵᠢᠭᠠᠬᠤ ᠠᠷᠭ᠎ᠠ ᠶᠢᠨ ᠳᠤᠰᠢᠶᠠᠯᠳᠠ ᠳᠠᠷᠤᠢ ᠶᠠᠮᠠᠷ ᠠᠷᠭ᠎ᠠ ᠪᠠᠷ ᠶᠠᠭᠠᠭᠢᠵᠤ ᠵᠢᠭᠠᠭᠰᠠᠨ (ᠪᠠᠭᠰᠢ ᠶᠢᠨ ᠵᠢᠭᠠᠬᠤ ᠪᠣᠯᠤᠨ ᠰᠤᠷᠤᠭᠴᠢᠳ ᠤᠨ ᠰᠤᠷᠬᠤ ᠶᠢᠨ ᠭᠦᠳᠡᠯᠭᠡᠭᠡᠨ ᠤ ᠳᠤᠮᠳᠠᠭᠢ ᠪᠠᠭᠰᠢ ᠡᠴᠠ ᠰᠤᠷᠤᠭᠴᠢᠳ ᠤᠨ ᠰᠤᠷᠬᠤ ᠶᠢ ᠵᠤᠬᠢᠶᠠᠨ ᠪᠠᠢ᠌ᠭᠤᠯᠵᠤ ᠭᠦᠳᠦᠯᠤᠨ ᠵᠢᠯᠤᠭᠤᠳᠬᠤ ᠬᠠᠷᠠᠯᠳᠠ ᠳᠤ ᠪᠠᠨ ᠭᠦᠷᠦᠭ᠍ᠰᠡᠨ) ᠶ᠋ᠢᠡᠨ ᠶᠠᠷᠢᠨ᠎ᠠ᠃

ᠳᠦᠷᠪᠠ ᠳᠤ᠄ ᠵᠢᠭᠠᠬᠤ ᠰᠤᠷᠬᠤ ᠪᠠᠭᠠᠵᠢ ᠶᠢᠨ ᠭᠡᠷᠡᠭᠯᠡᠭᠡᠨ ᠤ ᠭᠢᠴᠢᠶᠡᠯᠯᠡᠭᠡ ᠳ᠋ᠠᠭᠢ ᠠᠷᠭ᠎ᠠ ᠪᠠ ᠶᠠᠪᠣᠴᠠ ᠳ᠋ᠠᠭᠢ ᠣᠷᠭᠠᠨᠢᠭ ᠣᠶᠠᠯᠳᠤᠯ ᠢ ᠨᠢ ᠶᠠᠷᠢᠨ᠎ᠠ᠃

ᠳᠠᠪᠣ ᠳᠤ᠄ ᠰᠠᠮᠪᠠᠷᠯᠠᠯ ᠤᠨ ᠵᠢᠱᠢᠯᠳᠠ ᠪᠠ ᠪᠣᠳᠠᠳᠤ ᠭᠡᠷᠡᠭᠯᠡᠭᠡᠨ ᠪᠠᠢ᠌ᠷᠰᠢᠭᠤᠯᠤᠯ ᠤᠨ ᠪᠠᠢ᠌ᠳᠠᠯ ᠵᠢᠴᠢ ᠭᠢᠴᠢᠶᠡᠯᠯᠡᠭᠡ ᠳ᠋ᠠᠭᠢ ᠣᠢ᠌ᠯᠠᠳᠤᠯ ᠢ ᠶᠠᠷᠢᠨ᠎ᠠ᠃

ᠭᠢᠴᠢᠶᠡᠯᠯᠡᠭᠡ ᠶᠢᠨ ᠳᠤᠳᠤᠷᠬᠠᠢ᠌ᠯᠠᠯᠳᠠ ᠪᠣᠯ ᠮᠦᠨ ᠴᠤ ᠬᠠᠷᠠᠯᠳᠠ ᠲᠡᠶ ᠪᠠᠷ ᠰᠤᠷ ᠬᠠᠷᠪᠣᠬᠤ᠂ ᠭᠢᠴᠢᠶᠡᠯᠯᠡᠭᠡ ᠪᠦᠳᠦᠴᠡ ᠳᠤᠭᠳᠠᠮᠵᠢ ᠪᠠᠨ ᠵᠢᠭᠠᠭᠴᠢ ᠰᠢᠡᠵᠢᠯᠡᠭᠦ ᠣᠬᠠᠭᠠᠠᠴᠢ ᠪᠠᠷ ᠡᠵᠡᠮᠰᠢᠭᠦ᠂ ᠭᠢᠴᠢᠶᠡᠯᠯᠡᠭᠡ ᠶᠢᠨ ᠣᠶᠤᠠᠴᠢ ᠣᠢ᠌ᠯᠭᠠᠭᠳᠠᠬᠤᠨ ᠶᠢᠡᠨ ᠳᠠᠨᠢᠨ ᠪᠠᠳᠤᠵᠢᠭᠤᠯᠬᠤ᠂ ᠭᠢᠴᠢᠶᠡᠯᠯᠡᠭᠡ ᠶᠢᠨ ᠦᠷ᠎ᠡ ᠠᠰᠢᠭ ᠢ ᠪᠠᠳᠤᠯᠠᠬᠤ ᠪᠠ ᠳᠡᠭᠡᠭ᠍ᠰᠢᠯᠡᠭᠦᠯᠭᠦ ᠶᠢᠨ ᠴᠢᠬᠤᠯᠠ ᠠᠵᠢᠯᠯᠠᠭ᠎ᠠ ᠮᠦᠨ᠃ ᠮᠦᠨ ᠴᠤ ᠭᠢᠴᠢᠶᠡᠯᠯᠡᠭᠡ ᠶᠢᠨ ᠭᠡᠪ ᠴᠢᠨᠠᠷ ᠤᠨ ᠰᠤᠷᠭᠠᠨ ᠭᠦᠮᠦᠵᠢᠯ ᠳ᠋ᠠᠭᠢ ᠪᠠᠢ᠌ᠷᠢ ᠰᠠᠭᠤᠷᠢ ᠶᠢᠨ ᠪᠣᠳᠠᠳᠤ ᠢᠯᠠᠷᠠᠯ ᠮᠦᠨ᠃ ᠪᠠᠰᠠ ᠴᠤ ᠵᠢᠭᠠᠬᠤ ᠰᠤᠷᠭᠠᠬᠤ ᠳᠠᠪᠤᠨ ᠭᠡᠯᠭᠢᠶ᠎ᠡ ᠪᠣᠯᠤᠨ ᠵᠢᠭᠠᠬᠤ ᠠᠯᠬᠤᠮ ᠤᠨ ᠳᠠᠪᠣᠨ ᠱᠠᠳᠤ ᠶᠢᠨ ᠣᠢ᠌ᠯᠠᠭᠠᠯᠳᠠ ᠭᠡᠷᠡᠭᠯᠡᠯᠳᠡ ᠶᠢᠨ ᠪᠣᠯᠪᠠᠰᠤᠷᠠᠯ ᠥᠢᠯᠡᠳᠦᠯᠭᠡ ᠪᠣᠯᠤᠨ᠎ᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2931
ᠴᠠᠭ᠄ 2012 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ