ᠨᠡᠪᠲᠡᠷᠡᠨ ᠤᠷᠤᠬᠤ
ᠠᠷᠤ ᠡᠴᠡ ᠴᠢᠨᠢ ᠰᠡᠮᠡᠭᠡᠷ ᠬᠠᠷᠠᠬᠤ ᠳ᠋ᠤ

ᠠᠷᠤ ᠡᠴᠡ ᠴᠢᠨᠢ ᠰᠡᠮᠡᠭᠡᠷ ᠬᠠᠷᠠᠬᠤ ᠳᠤ

ᠬᠠᠷᠠᠴᠠ ᠮᠢᠨᠢ ᠰᠢᠷᠣᠢ᠌ᠳᠤᠬᠤ ᠦᠭᠡᠶ ᠪᠠᠢ᠌ᠯ᠎ᠠ

ᠠᠩᠭᠢᠷ ᠭᠠᠯᠠᠭᠤ ᠰᠢᠭ ᠡᠷᠭᠢᠴᠡᠭᠡᠤᠨ ᠳᠠᠭᠠᠬᠤ

ᠰᠠᠤᠠᠭᠢᠯ ᠮᠢᠨᠢ ᠰᠢᠷᠣᠢ᠌ᠳᠤᠬᠤ ᠦᠭᠡᠶ ᠪᠠᠢ᠌ᠯ᠎ᠠ

ᠴᠡᠩᠭᠡᠭ᠌ ᠨᠠᠭᠤᠷ ᠲᠤ ᠳᠤᠯᠠᠢ᠌ᠭᠠᠤᠨ ᠪᠠᠭᠤᠬᠤ

ᠰᠠᠷᠠ ᠶᠢ ᠡᠪᠦᠷᠯᠡᠭᠦ ᠶᠢ ᠰᠠᠨᠠᠬᠤ ᠶᠤᠮ

ᠴᠡᠩᠭᠡᠭ᠍ᠰᠡᠨ ᠨᠣᠢ᠌ᠷ ᠡᠴᠡ ᠪᠠᠨ ᠥᠷᠭᠦᠭᠡᠤᠨ ᠪᠣᠰᠬᠤ

ᠭᠠᠯᠠᠭᠤᠳ ᠢ ᠬᠠᠷᠠᠬᠤ ᠡᠴᠡ ᠵᠤᠪᠠᠬᠤ ᠶᠤᠮ᠃

ᠣᠳᠠᠨ ᠤ ᠨᠠᠮᠠᠭᠠᠨ ᠳᠤ ᠭᠢᠯᠳᠠᠭᠠᠨᠠᠵᠤ ᠪᠠᠢ᠌ᠬᠤ

ᠰᠢᠭᠦᠳᠡᠷᠢ ᠶᠢ ᠥᠨᠦᠰᠭᠦ ᠶᠢ ᠭᠤᠷᠢᠳᠠᠬᠤ ᠶᠤᠮ

ᠠᠯᠢᠶᠠᠬᠠᠨ ᠨᠢᠳᠤ ᠶᠢ ᠬᠠᠯᠬᠠᠯᠠᠭᠠᠤᠨ ᠪᠠᠢ᠌ᠬᠤ

ᠠᠭᠠᠰᠢᠨ ᠳᠤ ᠴᠢᠨᠢ ᠢᠴᠢᠵᠤ ᠵᠢᠷᠭᠠᠬᠤ ᠶᠤᠮ᠃

ᠣᠷᠭᠠᠨ ᠡᠰᠢᠨ ᠳᠤ ᠡᠯᠭᠦᠭ᠍ᠳᠡᠭ᠍ᠰᠡᠨ ᠰᠠᠷᠠ ᠶᠢ

ᠠᠪᠣᠭᠠᠤᠨ ᠪᠢ ᠴᠢᠮ᠎ᠠ ᠳᠠᠭᠠᠨ ᠦᠭ‍ᠭᠦᠨ᠎ᠡ

ᠠᠭᠤᠯᠠᠨ ᠤ ᠭᠢᠷ᠎ᠠ ᠪᠠᠷ ᠭᠡᠳᠡᠭ᠍ᠰᠡᠨ ᠨᠠᠷᠠ ᠶᠢ

ᠠᠤᠠᠬᠤᠭᠠᠤᠨ ᠴᠢ ᠨᠠᠳᠠ ᠳᠠᠭᠠᠨ ᠬᠠᠶᠠᠨ᠎ᠠ

ᠢᠳᠡᠭᠡᠯ ᠬᠠᠢ᠌ᠷ᠎ᠠ ᠪᠠᠷ ᠪᠣᠴᠠᠯᠬᠤ ᠴᠢᠮ᠎ᠠ ᠲᠡᠶ ᠪᠠᠨ

ᠦᠨᠦᠰᠤᠯ ᠬᠠᠭᠤᠴᠢᠷᠠᠬᠤ ᠦᠭᠡᠶ ᠪᠣᠯᠵᠤᠭ᠎ᠠ ᠲᠡᠶ

ᠠᠭᠢᠭᠠᠤᠨ ᠠᠭᠤᠯᠵᠠᠬᠤ ᠪᠠᠨ ᠭᠦᠰᠡᠭᠦ ᠶᠤᠮ

ᠠᠯᠳᠠᠵᠤ ᠴᠢᠳᠠᠬᠤ ᠦᠭᠡᠶ ᠰᠠᠨᠠᠬᠤ ᠶᠤᠮ᠃

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 4372
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ