ᠨᠡᠪᠲᠡᠷᠡᠨ ᠤᠷᠤᠬᠤ
ᠵᠤᠯ ᠵᠢᠷᠭᠠᠯ ᠢ ᠭᠡᠷᠪᠡ ᠵᠢᠮᠢᠰ ᠰᠢᠭ᠌ ᠳᠡᠭᠦᠵᠤ ᠪᠣᠯᠳᠠᠭ ᠪᠣᠯ

                   1


ᠭᠦᠭᠡᠷᠡᠨ ᠦᠷᠭᠦᠯᠵᠢᠯᠡᠭᠦ ᠠᠭᠤᠯᠠᠰ ᠤᠨ ᠳᠡᠭᠡᠭᠦᠷ ᠵᠦᠷᠵᠢ ᠶᠢᠨ ᠥᠩᠭᠡ ᠲᠡᠶ ᠳᠤᠮᠤ ᠰᠢᠷᠭᠠᠯ ᠨᠠᠷᠠ ᠠᠯᠭᠤᠷᠬᠠᠨ ᠣᠨᠠᠵᠤ ᠪᠠᠢ᠌ᠬᠤ ᠶᠢ ᠪᠢ ᠴᠢᠮᠡᠭᠡ ᠥᠭᠡᠢ᠌ᠭᠡᠨ ᠬᠠᠷᠠᠵᠤ ᠵᠤᠭᠰᠤᠯ᠎ᠠ᠃   

ᠤᠢ᠌ᠷ᠎ᠡ ᠶᠢᠨ ᠡᠳᠦᠷ ᠣᠨᠠᠬᠤ ᠨᠠᠷᠠ ᠶᠢ ᠬᠠᠷᠠᠬᠤ ᠳᠤᠷ᠎ᠠ ᠲᠡᠶ ᠪᠣᠯᠤᠭᠰᠠᠨ ᠮᠦᠷᠳᠡᠭᠡᠨ ᠡᠢ᠌ᠮᠦᠭᠡᠨ ᠦᠶ᠎ᠡ ᠳᠤ ᠯᠠ ᠶᠠᠮᠠᠷ ᠨᠢᠭᠡᠨ ᠦᠨ᠎ᠡ ᠴᠠᠨ᠎ᠠ ᠲᠡᠶ ᠶᠠᠭᠤᠮ᠎ᠠ ᠪᠠᠨ ᠠᠯᠳᠠᠬᠤ ᠭᠡᠵᠤ ᠪᠠᠢ᠌ᠭ᠎ᠠ ᠪᠣᠶᠤ ᠶᠠᠭ ᠰᠠᠢ᠌ᠬᠠᠨ ᠠᠯᠳᠠᠵᠤ ᠪᠠᠢ᠌ᠭ᠎ᠠ ᠭᠦᠡᠳᠤ ᠰᠡᠷᠡᠭ᠍ᠳᠡᠯ ᠮᠢᠨᠤ ᠳᠤᠳᠤᠷ᠎ᠠ ᠦᠯᠦ ᠮᠡᠳᠡᠭ᠌ ᠲᠦᠯᠭᠢᠯᠡᠭᠡᠳ ᠪᠠᠢ᠌ᠬᠤ ᠪᠣᠯᠤᠯ᠎ᠠ᠃   

ᠦᠪᠡᠷ ᠢ ᠪᠠᠨ ᠥᠪᠠᠷᠳᠡᠭᠡᠨ ᠵᠤᠪᠠᠭᠠᠨ᠎ᠠ ᠭᠡᠵᠤ ᠡᠨᠡ ᠯᠠ ᠪᠢᠵᠠ ︖

                            

                      2


ᠪᠢ ᠡᠷᠭᠢᠵᠤ ᠬᠠᠷᠠᠯ᠎ᠠ᠂ ᠴᠢᠨᠤᠭᠢ ᠪᠠᠨ ᠪᠠᠢ᠌ᠭ᠎ᠠ ᠳᠠᠷᠠ ᠵᠥᠭ᠌ ᠤᠨ ᠳᠡᠭ᠍ᠷᠢ ᠶᠢ ᠬᠠᠢ᠌ᠷᠠᠯᠠᠨ ᠰᠢᠷᠳᠡᠭᠦ ᠳᠤ ᠡᠯᠢᠭᠡ ᠵᠢᠷᠦᠭᠡ ᠮᠢᠨᠢ ᠡᠮᠳᠡᠷᠡᠵᠤ ᠡᠭᠢᠯᠡᠭᠦ ᠨᠢ ᠡ᠃

ᠰᠡᠯᠡᠭᠦᠭᠡᠨ ᠡᠨᠡ ᠴᠠᠭ ᠢ ᠵᠠᠪᠳᠤᠵᠤ ᠴᠢᠮ᠎ᠠ ᠪᠠᠨ ᠳᠤᠷᠠᠰᠤᠨ ᠭᠡᠭᠡᠪᠴᠢ ᠲᠦᠰᠢᠨ ᠵᠤᠭᠰᠤᠬᠤ ᠳᠤ ᠰᠠᠢ᠌ᠬᠠᠨ ᠪᠦᠭᠦᠨ ᠤ ᠵᠦᠩᠨᠠᠯ ᠢ ᠳᠡᠷᠭᠡᠯ ᠵᠥᠭ᠌ ᠶᠢᠡᠨ ᠢᠷᠦᠭᠡᠭ᠍ᠰᠡᠨ ᠳᠤᠩᠭ᠋ᠠᠯᠠᠭ ᠰᠠᠷᠠ ᠮᠥᠩᠭᠦᠨ ᠳᠤᠶᠠᠭ᠎ᠠ ᠪᠠᠨ ᠵᠥᠭᠡᠯᠡᠨ ᠵᠥᠭᠡᠯᠡᠨ ᠰᠠᠴᠤᠷᠠᠭᠤᠯᠤᠨ ᠮᠠᠠᠳᠤᠵᠤ ᠡᠭᠢᠯᠡᠪᠡ᠃   

ᠡᠨᠡ ᠵᠢᠷᠭᠠᠯᠳᠤ ᠮᠦᠴᠡ ᠳᠤ ᠴᠢ ᠪᠢᠳᠠ ᠬᠤᠶᠠᠷ ᠭᠠᠷ ᠤᠨ ᠶᠢᠡᠨ ᠬᠠᠯᠠᠭᠤᠨ ᠠᠯᠠᠭ᠎ᠠ ᠪᠠᠷ ᠨᠢᠭᠡ ᠨᠢᠭᠡᠨ ᠤ ᠪᠠᠨ ᠢᠯᠴᠢ ᠶᠢ ᠮᠠᠳᠠᠷᠠᠨ ᠣᠷᠤᠢ ᠶᠢᠨ ᠵᠥᠭᠡᠯᠡᠨ ᠵᠢᠪᠠᠷ ᠶᠢᠡᠷ ᠠᠶᠠᠷᠬᠠᠨ ᠢᠯᠪᠢᠭᠦᠯᠤᠨ ᠠᠯᠬᠤᠯᠠᠭᠰᠠᠨ ᠪᠣᠯ ᠁


                      3


ᠮᠢᠨᠤ ᠨᠤᠳᠤᠭ ᠤᠨ ᠭᠦᠷᠡᠩ ᠠᠭᠤᠯᠠᠰ ᠴᠢᠨᠤ ᠵᠥᠭ᠌ ᠤᠨ ᠶᠠᠭᠠᠨ ᠳᠡᠭ᠍ᠷᠢ ᠶᠢ ᠡᠷᠭᠦᠵᠤ ᠪᠦᠷᠦᠢ ᠶᠢᠨ ᠳᠤᠶᠠᠭᠠᠨ ᠳᠤ ᠰᠡᠭᠦᠢᠨ ᠵᠤᠭᠰᠤᠨ᠎ᠠ᠃

ᠰᠡᠳᠭᠢᠯ ᠳᠤ ᠪᠠᠭᠤᠭᠰᠠᠨ ᠤᠢ᠌ᠳᠬᠠᠷ ᠲᠡᠶ ᠢᠵᠢᠯᠭᠡᠨ ᠰᠠᠷᠠᠯ ᠥᠩᠭᠡ ᠪᠠᠷ ᠴᠢᠨᠤ ᠵᠥᠭ᠌ ᠤᠨ ᠳᠡᠭ᠍ᠷᠢ ᠪᠣᠳᠤᠩᠳᠠᠨ ᠡᠭᠢᠯᠡᠨ᠎ᠡ᠃

ᠠᠯᠤᠰ ᠤᠨ ᠪᠠᠷ᠎ᠠ ᠳᠤ ᠣᠳᠤᠳ ᠭᠢᠯᠠᠯᠵᠠᠨ᠎ᠠ᠂ ᠳᠠᠷᠠ ᠰᠠᠢ᠌ᠬᠠᠨ ᠣᠳᠤᠳ ᠤᠨ ᠴᠠᠭᠠᠬᠠᠨ ᠭᠡᠭᠡ ᠴᠢᠨᠤ ᠵᠠᠢ᠌ᠷ ᠲᠡᠶ ᠮᠠᠯᠮᠠᠢ ᠳᠤ ᠳᠤᠰᠴᠤ ᠪᠠᠢ᠌ᠭ᠎ᠠ ᠪᠣᠯ ᠦᠦ ︖

ᠨᠠᠷᠠ ᠰᠠᠷᠠᠨ ᠤ ᠰᠠᠴᠤᠷᠠᠭ ᠶᠢᠡᠷ ᠠᠮᠢᠯᠠᠭᠰᠠᠨ ᠴᠢ ᠪᠢᠳᠠᠨ ᠤ ᠳᠤᠷᠠᠰᠤᠯ ᠮᠦᠷᠦᠭᠡᠳᠦᠯ ᠵᠤᠯ ᠵᠢᠷᠭᠠᠯ ᠤᠨ ᠳᠤᠳᠤᠷᠠᠭᠢ ᠵᠤᠪᠠᠭᠤᠷᠢ ᠵᠥᠳᠡᠭᠦᠷᠢ ᠭᠡᠵᠢ ᠦᠦ ︖


                      4


ᠪᠢ ᠰᠡᠳᠭᠢᠯ ᠤᠨ ᠰᠢᠭᠦᠳᠡᠷᠢ ᠪᠠᠨ ᠴᠢᠨᠤᠭᠢ ᠪᠠᠨ ᠭᠡᠷᠡᠯ ᠳᠤ ᠡᠭᠡᠭᠡᠶ᠎ᠡ ᠭᠡᠵᠤ ᠰᠠᠨᠠᠨ᠎ᠠ᠃

ᠴᠢᠨᠤ ᠰᠡᠳᠭᠢᠯ ᠤᠨ ᠳᠠᠯᠪᠢᠨ ᠳᠡᠭᠡᠷ᠎ᠡ ᠪᠦᠮᠪᠦᠭᠡᠨᠡᠭ᠍ᠰᠡᠨ ᠳᠠᠷᠠ ᠠᠷᠢᠭᠤᠨ ᠰᠢᠭᠦᠳᠡᠷᠢ ᠪᠣᠯ ᠮᠢᠨᠤ ᠬᠠᠢ᠌ᠷ᠎ᠠ ᠪᠠᠢ᠌ᠭ᠎ᠠ ᠶᠤᠮ᠃

ᠴᠢ ᠪᠣᠯ ᠪᠣᠷᠬᠠᠨ ᠭᠦᠷᠦᠰᠤᠨ ᠡᠴᠡ ᠣᠷᠭᠤᠵᠤ ᠣᠶᠤᠨ ᠤ ᠭᠡᠷᠡᠯ ᠶᠢᠡᠷ ᠳᠡᠯᠭᠡᠷᠡᠭ᠍ᠰᠡᠨ ᠨᠢᠭᠡ ᠭᠡᠯᠳᠡᠰ ᠵᠤᠯᠭᠠᠷᠠᠰᠢ ᠦᠭᠡᠶ ᠭᠤᠶᠤ ᠴᠡᠴᠡᠭ᠌ ᠶ‍ᠦᠮ᠃

ᠮᠢᠨᠤ ᠵᠡᠭᠦᠳᠤ ᠪᠠ ᠭᠦᠰᠡᠯ ᠳᠤ ᠵᠥᠩᠳᠡᠭᠡᠨ ᠬᠠᠷᠠᠭᠳᠠᠳᠠᠭ ᠮᠥᠩᠭᠡ ᠶᠢᠨ ᠵᠤᠨ ᠤ ᠠᠮᠢᠰᠬᠤᠭ᠎ᠠ ᠲᠡᠶ ᠳᠤᠷᠭᠠᠨ ᠴᠢᠮᠡᠭ᠌ ᠶᠤᠮ᠃


                      5


ᠭᠡᠷᠪᠡ ᠵᠤᠯ ᠵᠢᠷᠭᠠᠯ ᠢ ᠵᠢᠮᠢᠰ ᠰᠢᠭ᠌ ᠳᠡᠭᠦᠵᠤ ᠪᠣᠯᠳᠠᠭ ᠪᠣᠯ᠂ ᠳᠠᠷᠠ ᠵᠢᠮᠢᠰ ᠨᠢ ᠭᠡᠳᠦᠢ ᠦᠨᠳᠦᠷ ᠲᠤ ᠪᠠᠢ᠌ᠭᠰᠠᠨ ᠴᠤ ᠪᠣᠯᠤᠭ᠂ ᠪᠢ ᠠᠮᠢ ᠨᠠᠰᠤᠨ ᠤ ᠪᠠᠨ ᠬᠠᠮᠤᠭ ᠡᠴᠦᠰ ᠤᠨ ᠴᠢᠳᠠᠯ ᠶᠢᠡᠨ ᠰᠢᠪᠬᠠᠵᠤ ᠪᠠᠢ᠌ᠭᠠᠤᠨ ᠴᠤ ᠴᠢᠮ᠎ᠠ ᠳᠠᠭᠠᠨ ᠳᠡᠭᠦᠵᠤ ᠦᠭ‍ᠭᠦᠨ᠎ᠡ ᠡ᠂ ᠬᠠᠢ᠌ᠷᠠᠳᠤ ᠮᠢᠨᠢ᠃

ᠭᠡᠵᠢᠶ᠎ᠡ ᠨᠢᠭᠡᠨ ᠡᠳᠦᠷ ᠴᠢᠨᠤᠭᠢ ᠪᠠᠨ ᠳᠡᠷᠭᠡᠳᠡ ᠰᠠᠭᠤᠵᠤ ᠡᠨᠡᠭᠦ ᠵᠢᠮᠢᠰ ᠢ ᠠᠮᠳᠠᠷᠬᠠᠨ ᠢᠳᠡᠭᠡ ᠭᠦᠭᠡᠷᠦᠭᠦᠨ ᠳᠦᠷᠢ ᠶᠢ ᠴᠢᠨᠢ ᠡᠩᠭᠦᠷᠡᠢ᠌ᠯᠡᠨ ᠬᠠᠷᠠᠳᠠᠭ ᠪᠣᠯ ᠡ᠂ ᠬᠠᠢ᠌ᠷᠠᠳᠤ ᠮᠢᠨᠢ᠃


                   2011 ᠣᠨ ᠤ 11 ᠰᠠᠷ᠎ᠠ ᠶᠢᠨ 8 ᠊ᠤ ᠡᠳᠦᠷ ᠤᠨ ᠪᠦᠷᠦᠢ ᠪᠠᠷ ᠪᠢᠴᠢᠪᠠᠢ᠃


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2011 ᠤᠨ ᠤ 11 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ