ᠨᠡᠪᠲᠡᠷᠡᠨ ᠤᠷᠤᠬᠤ
ᠮᠤᠩᠭᠤᠯ ᠲᠤᠤᠷ ᠰᠦᠯᠵᠢᠶ᠎ᠡ

ᠲᠤᠥᠷ ᠰᠦ᠋ᠯᠵᠢ᠍ᠶ᠎ᠠ ᠨᠢ ᠨᠢ᠍ᠭᠡᠨ ᠰᠢ᠍ᠨ᠎ᠠ ᠴᠠᠭ ᠦᠶ᠎ᠠ ᠳᠤ ᠪᠤᠢ ᠪᠤᠯᠤᠭᠰᠠᠨ ᠴᠢ᠍ᠮᠡᠭᠡ ᠵᠠᠩᠭᠢ ᠶᠢᠨ ᠦᠢ᠍ᠯᠡᠰ ᠤᠨ ᠬᠦᠭ᠍ᠵᠢ᠍ᠯᠳ᠋ᠠ ᠶᠢᠨ ᠪᠤᠳ᠋ᠠᠳ᠋ᠤ ᠢᠯᠡᠷᠡᠯ ᠪᠤᠯᠤᠭᠰᠠᠨ ᠤ ᠬᠤᠪᠢ ᠳᠤ ᠮᠠᠨ ᠤ ᠮᠠᠰᠢ ᠤᠯᠠᠨ ᠮᠤᠩᠭ᠋ᠤᠯ ᠲᠤᠥᠷ ᠰᠦ᠋ᠯᠵᠢ᠍ᠶ᠎ᠠ ᠴᠦ ᠢᠳ᠋ᠡᠷᠭᠦᠨ ᠵᠢᠨᠷ ᠦᠰᠦᠨ ᠪᠤᠵᠠᠭᠠᠢ᠌ᠷᠠᠵᠤ ᠪᠠᠢ᠌ᠨ᠎ᠠ᠃ ᠲᠤᠬᠠᠢ᠌ᠯᠠᠪᠠᠯ᠄ 《ᠲᠤᠮᠳ᠋ᠠᠳ᠋ᠤ ᠤᠯᠤᠰ ᠤᠨ ᠮᠤᠩᠭ᠋ᠤᠯ ᠭᠡᠯᠡᠨ ᠤ ᠰᠤᠨᠢᠨ ᠮᠡᠳ᠋ᠡᠭᠡ ᠶᠢᠨ ᠰᠦ᠋ᠯᠵᠢ᠍ᠶ᠎ᠠ》 《ᠬᠤᠯᠪᠤᠭ᠎ᠠ ᠰᠦ᠋ᠯᠵᠢ᠍ᠶ᠎ᠠ》 《ᠠᠯᠳ᠋ᠠᠨ ᠬᠦᠷᠳ᠋ᠦ ᠰᠦ᠋ᠯᠵᠢ᠍ᠶ᠎ᠠ》 《ᠲᠠᠯ᠎ᠠ ᠶᠢᠨ ᠪᠦᠷᠭᠦᠳ ᠰᠦ᠋ᠯᠵᠢ᠍ᠶ᠎ᠠ》᠁ ᠵᠡᠷᠭᠡ ᠤᠯᠠᠨ ᠮᠤᠩᠭ᠋ᠤᠯ ᠰᠦ᠋ᠯᠵᠢ᠍ᠶ᠎ᠠ ᠨᠢ ᠬᠢᠳ᠋ᠠᠳ ᠰᠦ᠋ᠯᠵᠢ᠍ᠶ᠎ᠠ ᠲᠡᠶ ᠮᠦ᠋ᠷ ᠵᠡᠷᠭᠡᠴᠡᠨ ᠠᠳ᠋ᠠᠯᠢ ᠪᠡᠷ ᠶᠠᠪᠤᠭᠳ᠋ᠠᠵᠤ ᠪᠠᠢ᠌ᠨ᠎ᠠ᠃ ᠡᠳ᠋ᠡᠭᠡᠷ ᠰᠦ᠋ᠯᠵᠢ᠍ᠶ᠎ᠠ ᠨᠢ ᠪᠦᠬᠦᠢ᠌ᠯᠡ ᠨᠡᠢ᠌ᠭᠡᠮ ᠳᠤ ᠰᠠᠢ᠌ᠨ ᠰᠠᠢ᠌ᠬᠠᠨ ᠠᠮᠢ᠍ᠵᠢ᠍ᠷᠠᠯ ᠤᠨ ᠬᠦᠴᠦᠨ ᠪᠦᠬᠦᠢ ᠦᠩᠭᠡ ᠪᠤᠳ᠋ᠤᠭ ᠢ ᠪᠤᠢ ᠪᠤᠯᠭᠠᠨ᠂ ᠮᠠᠰᠢ ᠤᠯᠠᠨ ᠬᠦᠮᠦᠰ ᠲᠣ ᠠᠵᠤ ᠠᠮᠢ᠍ᠳ᠋ᠤᠷᠠᠯ᠂ ᠰᠤᠷᠤᠯᠴᠠᠯᠭ᠎ᠠ᠂ ᠤᠶᠤᠨ ᠤᠬᠠᠭᠠᠨ᠂ ᠴᠢ᠍ᠮᠡᠭᠡ ᠵᠠᠩᠭᠢ ᠵᠡᠷᠭᠡ ᠤᠯᠠᠨ ᠲᠠᠯ᠎ᠠ ᠪᠠᠷ ᠬᠢᠵᠠᠭᠠᠯᠠᠰᠢ ᠦᠭᠡᠶ ᠲᠦ᠋ᠬᠦᠮ ᠲᠦ᠋ᠳ᠋ᠡ ᠠᠴᠢ ᠲᠤᠰᠠ ᠶᠢ ᠠᠪᠴᠢ᠍ᠷᠠᠨ ᠦᠭ᠍ᠴᠠᠢ᠃ ᠡᠢ᠌ᠮᠦ ᠨᠢ᠍ᠭᠡᠨ ᠮᠡᠳ᠋ᠡᠯᠭᠡ ᠶᠢᠨ ᠭᠠᠯᠳ᠋ᠤ ᠠᠭᠤᠯᠠ ᠲᠡᠯᠪᠡᠷᠡᠵᠤ ᠪᠠᠢ᠌ᠭ᠎ᠠ ᠴᠤ᠋ ᠰᠢ᠍ᠨ᠎ᠠ ᠴᠠᠭ ᠦᠶ᠎ᠠ ᠳ᠋ᠥ᠂ ᠮᠠᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠲᠤᠥᠷ ᠰᠦ᠋ᠯᠵᠢ᠍ᠶ᠎ᠠ ᠭᠡᠭᠦ ᠡᠨᠡᠬᠦ ᠪᠠᠭᠠᠵᠢ ᠶᠢ ᠰᠢ᠍ᠨᠵᠢ᠍ᠯᠡᠭᠦ ᠤᠬᠠᠭᠠᠨᠴᠢ ᠪᠡᠷ ᠠᠰᠢ᠍ᠭᠯᠠᠪᠠᠯ ᠮᠠᠨᠤᠰ ᠤᠨ ᠰᠤᠷᠤᠯᠭ᠎ᠠ ᠶᠢᠨ ᠭᠡᠮᠵᠢ᠍ᠶ᠎ᠠ ᠲᠡᠭᠡᠭ᠍ᠰᠢ᠍ᠯᠡᠭᠦ ᠨᠢ ᠯᠠᠪᠲᠠᠢ ᠶᠤᠮ᠃ ᠨᠢ᠍ᠭᠡᠨ ᠡᠷᠳ᠋ᠡᠮᠳ᠋ᠡᠨ ᠤ ᠬᠡᠯᠡᠭ᠍ᠰᠡᠨᠴᠢ᠍ᠯᠡᠨ᠄ 《ᠬᠡᠳ᠋ᠦᠢ ᠦᠨᠳ᠋ᠦᠰᠦᠳ᠋ᠡᠨ ᠤ ᠬᠢ ᠪᠤᠯ ᠰᠠ‍‌ᠶᠢ ᠲᠡᠳ᠋ᠦᠢ ᠲᠡᠯᠡᠭᠡᠢ ᠨᠡᠢ᠌ᠳ᠋ᠡ ᠶᠢᠨ ᠬᠢ》 ᠭᠡᠳ᠋ᠡᠭ᠍ᠴᠢ᠍ᠯᠡᠨ᠂ ᠮᠠᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠰᠦ᠋ᠯᠵᠢ᠍ᠶᠡᠨ ᠪᠠᠭᠠᠷ ᠲᠣ ᠤᠷᠤᠪᠠᠯ ᠵᠠᠪᠠᠯ ᠮᠠᠨ ᠤ ᠰᠤᠷᠴᠤ ᠪᠠᠢ᠌ᠭ᠎ᠠ ᠡᠯ᠎ᠠ ᠬᠢᠴᠢ᠍ᠶᠡᠯ ᠲᠦ᠋ᠷᠦᠯ ᠲᠡᠶ ᠬᠤᠯᠪᠤᠭᠳ᠋ᠠᠯ ᠲᠡᠶ ᠮᠡᠳ᠋ᠡᠯᠭᠡ ᠶᠢ ᠰᠤᠷᠴᠤ ᠪᠤᠯᠤᠨ᠎ᠠ᠃ ᠲᠠᠷᠤᠢ 《ᠰᠤᠷᠭᠠᠨ ᠬᠦᠮᠦᠵᠢ᠍ᠯ》 ᠭᠡᠭᠦ ᠪᠤᠯᠤᠩ ᠪᠤᠶᠤ ᠮᠠᠰᠢ ᠤᠯᠠᠨ ᠰᠤᠶᠤᠯ᠂ ᠰᠤᠷᠭᠠᠨ ᠬᠦᠮᠦᠵᠢ᠍ᠯ᠂ ᠰᠢ᠍ᠨᠵᠢ᠍ᠯᠡᠭᠦ ᠤᠬᠠᠭᠠᠨ᠂ ᠲᠡᠥᠭᠡ ᠰᠤᠶᠤᠯ᠂ ᠭᠠᠵᠠᠷ ᠵᠦ᠋ᠢ᠂᠂ ᠭᠠᠳ᠋ᠠᠭᠠᠳ᠋ᠤ ᠭᠡᠯᠡ᠂ ᠤᠷᠠᠨ ᠵᠤᠬᠢᠶᠠᠯ᠂ ᠪᠠᠢ᠌ᠭᠠᠯᠢ ᠶᠢᠨ ᠰᠢ᠍ᠨᠵᠢ᠍ᠯᠡᠭᠦ ᠤᠬᠠᠭᠠᠨ ᠵᠡᠷᠭᠡ ᠠᠯᠢ ᠤᠠᠯᠨ ᠮᠡᠨ ᠳᠤ ᠠᠰᠢ᠍ᠭᠳ᠋ᠠᠢ ᠵᠦ᠋ᠢ᠍ᠯ ᠢ ᠰᠤᠷᠴᠤ ᠬᠠᠷᠬᠠᠨ ᠪᠠᠭ᠎ᠠ ᠡᠴᠡ ᠪᠠᠨ ᠦᠪᠡᠷ ᠪᠠᠨ ᠢᠷᠡᠭᠡᠳ᠋ᠦᠢ ᠳᠤ 《ᠬᠦᠮᠦᠨ ᠪᠤᠯᠵᠤ᠂ ᠬᠦᠯᠦᠭ᠌ ᠤᠨ ᠲᠦ᠋ᠷᠦᠭᠡᠨ ᠳᠤ ᠭᠠᠷᠬᠤ》 ᠳᠤ ᠵᠠᠪᠠᠯ ᠮᠠᠨ ᠤ ᠦᠨᠳ᠋ᠦᠰᠦᠳ᠋ᠡᠨ ᠤ ᠪᠠᠨ ᠰᠠᠢ᠌ᠨ ᠰᠠᠢ᠌ᠬᠠᠨ᠂ ᠠᠷᠢ᠍ᠭᠤᠨ ᠨᠠᠨᠳ᠋ᠢ᠍ᠨ ᠵᠠᠩ ᠰᠤᠷᠳ᠋ᠠᠯ᠂ ᠤᠯᠠᠮᠵᠢ᠍ᠯᠠᠯᠳ᠋ᠤ ᠰᠠᠢ᠌ᠬᠠᠨ ᠮᠤᠷᠠᠯ ᠰᠤᠷᠳ᠋ᠠᠯ ᠵᠡᠷᠭᠡ ᠶᠢ ᠰᠤᠩᠭ᠋ᠤᠨ ᠰᠤᠷᠴᠤ᠂ ᠦᠪᠡᠷ ᠤᠨ ᠶᠡᠷᠦᠩᠭᠡᠢ᠌ᠯᠡᠭ᠍ᠰᠡᠨ ᠭᠡᠪ ᠴᠢ᠍ᠨᠠᠷ ᠶᠢᠠᠨ ᠲᠡᠭ᠍ᠰᠢ᠍ᠯᠡᠭᠦᠯᠬᠦ ᠭᠡᠷᠡᠭ᠍ᠳ᠋ᠡᠢ᠂ ᠬᠠᠷᠢ᠍ᠨ ᠶᠠᠭᠠᠬᠢᠭᠰᠠᠨ ᠴᠦ ᠨᠡᠢ᠌ᠭᠡᠮ ᠨᠡᠢ᠌ᠳ᠋ᠡ᠂ ᠬᠤᠪᠢ ᠬᠦᠮᠦᠨ ᠳᠤ ᠠᠰᠢ᠍ᠭ ᠦᠭᠡᠶ ᠵᠦ᠋ᠢ᠍ᠯ ᠢ ᠰᠦ᠋ᠯᠵᠢ᠍ᠶᠡᠨ ᠡᠴᠡ ᠰᠤᠷᠴᠤ ᠪᠤᠯᠬᠤ ᠦᠭᠡᠶ᠃

ᠡᠢ᠌ᠮᠦ ᠡᠴᠡ ᠪᠢ ᠨᠢ᠍ᠭᠡᠨ ᠠᠷᠠᠳ ᠤᠨ ᠪᠠᠭᠰᠢ ᠶᠢᠨ ᠲᠠᠷᠬᠠᠨ ᠡᠭᠦᠷᠭᠡ ᠡᠴᠡ ᠪᠠᠨ ᠪᠤᠯᠵᠤ ᠰᠤᠷᠤᠭᠴᠢ᠍ᠳ ᠲᠣ ᠯᠠᠪᠯᠠᠯᠳ᠋ᠠ ᠪᠤᠯᠭᠠᠬᠤ ᠶᠢ ᠵᠤᠷᠢ᠍ᠵᠤ᠂ ᠮᠠᠨ ᠤ ᠮᠤᠩᠭ᠋ᠤᠯ ᠲᠤᠥᠷ ᠰᠦ᠋ᠯᠵᠢ᠍ᠶ᠎ᠠ ᠶᠢᠨ ᠲᠤᠬᠠᠢ ᠲᠤᠥᠷᠠᠬᠢ ᠮᠡᠳ᠋ᠦ ᠶᠢᠨ ᠭᠡᠳ᠋ᠦᠨ ᠵᠦ᠋ᠢ᠍ᠯ ᠤᠨ ᠰᠠᠨᠠᠭᠤᠯᠭ᠎ᠠ ᠭᠠᠷᠭᠠᠶ᠎ᠠ᠄

ᠨᠢ᠍ᠭᠡ᠂ ᠮᠤᠩᠭ᠋ᠤᠯ ᠲᠤᠥᠷ ᠰᠦ᠋ᠯᠵᠢ᠍ᠶ᠎ᠠ ᠶᠢ ᠰᠤᠷᠬᠤ ᠴᠢ᠍ᠬᠤᠯᠠ ᠴᠢ᠍ᠨᠠᠷ᠃ ᠬᠦᠮᠦᠨ ᠲᠦ᠋ᠷᠦᠯᠬᠢᠳ᠋ᠠᠨ ᠨᠢ᠍ᠭᠡᠨᠳ᠋ᠡ ᠴᠢ᠍ᠮᠡᠭᠡ ᠵᠠᠩᠭᠢ ᠶᠢᠨ ᠱᠠᠳ᠋ᠤ ᠦᠶ᠎ᠠ ᠳᠤ ᠤᠷᠤᠭᠰᠠᠨ ᠤ ᠬᠤᠪᠢ ᠳᠤ ᠲᠤᠥᠷ ᠰᠦ᠋ᠯᠵᠢ᠍ᠶ᠎ᠠ ᠨᠢ ᠤᠯᠠᠮ ᠡᠴᠡ ᠤᠯᠠᠮ ᠮᠠᠨ ᠤ ᠭᠡᠥᠭᠡᠳ ᠤᠨ ᠴᠡᠴᠡᠷᠯᠢ᠍ᠭ᠌᠂ ᠪᠠᠭ᠎ᠠ ᠰᠠᠷᠭᠠᠭᠤᠯᠢ᠂ ᠠᠩᠬ᠎ᠠ ᠲᠤᠮᠳ᠋ᠠᠳ᠋ᠤ ᠰᠤᠷᠭᠠᠭᠤᠯᠢ᠂ ᠲᠡᠭᠡᠳ᠋ᠦ ᠵᠡᠷᠭᠡ ᠶᠢᠨ ᠲᠤᠮᠳ᠋ᠠᠳ᠋ᠤ ᠰᠤᠷᠭᠠᠭᠤᠯᠢ ᠶᠢᠨ ᠰᠤᠷᠤᠭᠴᠢ᠍ᠳ ᠲᠡᠶ ᠨᠡᠩ ᠤᠢ᠌ᠷ᠎ᠠ ᠪᠤᠯᠪᠠ᠃ ᠲᠠᠷᠤᠢ ᠤᠳ᠋ᠤ ᠳᠤ ᠮᠡᠳ᠋ᠡᠯᠭᠡᠳ᠋ᠦ ᠠᠵᠤ ᠠᠬᠤᠢ ᠶᠢᠨ ᠱᠠᠳ᠋ᠤ ᠦᠶ᠎ᠠ ᠳᠤ ᠤᠷᠤᠭᠰᠠᠨ ᠲᠤᠯᠠ ᠴᠢ᠍ᠮᠡᠭᠡ ᠵᠠᠩᠭᠢ ᠨᠢ ᠤᠷᠢ᠍ᠳ ᠡᠮᠦᠨ᠎ᠠ ᠭᠠᠷᠤᠭ᠎ᠠ ᠦᠭᠡᠶ ᠰᠢ᠍ᠷᠦᠭᠦᠰᠴᠦ᠂ ᠤᠶᠤᠨ ᠤᠬᠠᠭᠠᠨ ᠤ ᠭᠠᠯᠳ᠋ᠤ ᠠᠭᠤᠯᠠ ᠲᠡᠯᠪᠡᠷᠡᠵᠤ ᠪᠠᠢ᠌ᠭ᠎ᠠ ᠰᠠᠢ᠌ᠨ ᠰᠠᠢ᠌ᠬᠠᠨ ᠴᠠᠭ ᠦᠶ᠎ᠠ ᠤᠴᠢ᠍ᠷ ᠡᠴᠡ ᠢᠷᠡᠭᠡᠳ᠋ᠦᠢ ᠶᠢᠨ ᠶᠢ᠍ᠷᠳ᠋ᠢ᠍ᠨᠴᠦ ᠪᠤᠯ ᠲᠠᠷᠤᠢ ᠲᠤᠥᠷ ᠰᠦ᠋ᠯᠵᠢ᠍ᠶ᠎ᠠ ᠶᠢᠨ ᠶᠢ᠍ᠷᠳ᠋ᠢ᠍ᠨᠴᠦ ᠪᠤᠯᠬᠤ ᠨᠢ ᠲᠠᠮᠵᠢ᠍ᠭ ᠦᠭᠡᠶ ᠶᠤᠮ᠂ ᠡᠢ᠌ᠮᠦ ᠡᠴᠡ ᠮᠠᠨ ᠤ ᠰᠤᠷᠤᠭᠴᠢ᠍ᠳ ᠡᠯ᠎ᠠ ᠵᠦ᠋ᠢ᠍ᠯ ᠤᠨ ᠮᠡᠳ᠋ᠡᠯᠭᠡ ᠮᠡᠷᠭᠡᠵᠢ᠍ᠯ᠂ ᠰᠢ᠍ᠨᠵᠢ᠍ᠯᠡᠭᠦ ᠤᠬᠠᠭᠠᠨ ᠢ ᠡᠵᠡᠮᠰᠢ᠍ᠬᠦ ᠳᠤ ᠵᠠᠪᠠᠯ ᠲᠤᠥᠷ ᠰᠦ᠋ᠯᠵᠢ᠍ᠶ᠎ᠠ ᠶᠢ ᠠᠰᠢ᠍ᠭᠯᠠᠬᠤ ᠴᠢ᠍ᠬᠤᠯᠠ ᠲᠡᠶ ᠪᠢᠯᠡ᠃ ᠲᠠᠷᠤᠢ ᠡᠨᠡᠭᠦ ᠰᠢ᠍ᠨᠵᠢ᠍ᠯᠡᠭᠦ ᠤᠬᠠᠭᠠᠨ ᠤ ᠪᠠᠭᠠᠵᠢ ᠶᠢ ᠭᠡᠷᠡᠭᠯᠡᠬᠦ ᠦᠭᠡᠶ ᠶᠤᠮ ᠪᠤᠯ ᠲᠠᠷᠤᠢ ᠴᠠᠭ ᠦᠶ᠎ᠠ ᠡᠴᠡ ᠬᠤᠴᠤᠷᠠᠬᠤ ᠨᠢ ᠶᠠᠷᠢ᠍ᠶᠠᠨ ᠦᠭᠡᠶ᠃

ᠬᠤᠶᠡᠷ᠂ ᠮᠤᠩᠭ᠋ᠤᠯ ᠲᠤᠥᠷ ᠰᠦ᠋ᠯᠵᠢ᠍ᠶ᠎ᠠ ᠶᠢ ᠰᠤᠷᠬᠤ ᠭᠡᠷᠡᠭ᠍ᠴᠡᠭᠡᠳ᠋ᠦ ᠴᠢ᠍ᠨᠠᠷ᠃ ᠮᠠᠨ ᠤ ᠮᠤᠩᠭ᠋ᠤᠯ ᠲᠤᠥᠷ ᠰᠦ᠋ᠯᠵᠢ᠍ᠶᠡᠨ ᠳᠤ ᠭᠠᠷᠪᠠᠯ᠂ ᠲᠡᠭᠦᠨ ᠤ ᠲᠤᠳ᠋ᠤᠷ᠎ᠠ ᠡᠴᠡ ᠠᠪᠤᠭᠠᠳ ᠪᠠᠷᠬᠤ ᠦᠭᠡᠶ᠂ ᠭᠡᠷᠡᠭᠯᠡᠭᠡᠳ ᠲᠠᠭᠤᠰᠤᠰᠢ ᠦᠭᠡᠶ ᠮᠠᠰᠢ ᠦᠷᠭᠡᠨ ᠲᠡᠯᠭᠡᠷ ᠤᠶᠤᠨ ᠤᠬᠠᠭᠠᠨ᠂ ᠮᠡᠳ᠋ᠡᠯᠭᠡ ᠶᠢ ᠰᠤᠷᠴᠤ ᠪᠤᠯᠤᠨ᠎ᠠ᠃ ᠲᠠᠷᠤᠢ ᠮᠤᠩᠭ᠋ᠤᠯ ᠰᠦ᠋ᠯᠵᠢ᠍ᠶᠡᠨ ᠲᠡᠭᠡᠷ᠎ᠠ ᠮᠠᠨᠤᠰ ᠤᠨ ᠰᠤᠷᠴᠤ ᠪᠠᠢ᠌ᠭ᠎ᠠ ᠡᠯ᠎ᠠ ᠲᠦ᠋ᠷᠦᠯ ᠤᠨ ᠬᠢᠴᠢ᠍ᠶᠡᠯ ᠲᠦ᠋ᠷᠦᠯ ᠲᠡᠶ ᠬᠤᠯᠪᠤᠭᠳ᠋ᠠᠯ ᠪᠦᠬᠦᠢ ᠮᠠᠳ᠋ᠡᠯᠭᠡ ᠶᠢᠨ ᠤᠬᠠᠭᠳ᠋ᠠᠬᠤᠨ᠂ ᠪᠤᠷᠤ ᠮᠠᠲ᠋ᠧᠷᠶᠠᠯ᠂ ᠴᠢ᠍ᠮᠡᠭᠡ ᠵᠠᠩᠭᠢ ᠶᠢ ᠤᠯᠵᠤ ᠮᠡᠳ᠋ᠡᠬᠦ ᠪᠦᠭᠡᠳ ᠮᠠᠰᠢ ᠤᠯᠠᠮ ᠮᠡᠳ᠋ᠡᠯᠭᠡ ᠮᠡᠷᠭᠡᠵᠢ᠍ᠯ ᠰᠤᠷᠬᠤ ᠶᠢᠨ ᠬᠠᠮᠳ᠋ᠤ ᠪᠠᠰᠠ ᠤᠯᠠᠩᠭᠢ ᠮᠡᠳ᠋ᠡᠯᠭᠡ ᠶᠢ ᠨᠢ ᠮᠠᠨ ᠤ ᠨᠤᠮ ᠪᠢᠴᠢ᠍ᠭ᠌ ᠲᠡᠭᠡᠷ᠎ᠠ ᠡᠴᠡ ᠴᠦ ᠤᠯᠵᠤ ᠦᠵᠡᠭᠦ ᠦᠭᠡᠶ ᠵᠦ᠋ᠢ᠍ᠯ ᠢ ᠬᠠᠷᠢ᠍ᠨ ᠮᠠᠨ ᠤ ᠮᠤᠩᠭ᠋ᠤᠯ ᠰᠦ᠋ᠯᠵᠢ᠍ᠶᠡᠨ ᠡᠴᠡ ᠮᠡᠳ᠋ᠡᠵᠤ ᠪᠤᠯᠬᠤ ᠶᠤᠮ᠃

ᠭᠤᠷᠪᠠ᠂ ᠮᠤᠩᠭ᠋ᠤᠯ ᠲᠤᠥᠷ ᠰᠦ᠋ᠯᠵᠢ᠍ᠶ᠎ᠠ ᠶᠢ ᠠᠰᠢ᠍ᠭᠯᠠᠬᠤ ᠨᠢ ᠤᠳ᠋ᠤᠬᠢ ᠠᠴᠢ ᠬᠤᠯᠪᠤᠭᠳ᠋ᠠᠯ ᠲᠡᠶ᠃ ᠤᠯᠠᠨ ᠵᠦ᠋ᠢ᠍ᠯ ᠤᠨ ᠬᠢᠴᠢ᠍ᠶᠡᠯ ᠤᠨ ᠭᠠᠳ᠋ᠠᠨᠠᠬᠢ ᠰᠤᠷᠤᠯᠴᠠᠬᠤ ᠮᠡᠳ᠋ᠡᠯᠭᠡ ᠪᠠ ᠰᠢ᠍ᠨ᠎ᠠ ᠰᠡᠪᠡᠬᠦᠨ ᠴᠢ᠍ᠮᠡᠭᠡ ᠵᠠᠩᠭᠢ᠂ ᠮᠡᠷᠭᠡᠵᠢ᠍ᠯ ᠤᠨ ᠤᠷᠮ᠎ᠠ ᠪᠠᠬ᠎ᠠ᠂ ᠮᠡᠳ᠋ᠡᠯᠭᠡ ᠶᠢᠨ ᠤᠬᠠᠭᠳ᠋ᠠᠬᠤᠨ᠂ ᠮᠡᠳ᠋ᠡᠯᠭᠡ ᠶᠢᠨ ᠭᠡᠭᠡᠪᠴᠢ᠂ ᠰᠤᠷᠭᠠᠨ ᠬᠦᠮᠦᠵᠢ᠍ᠯ ᠤᠨ ᠬᠠᠨᠳ᠋ᠤᠰᠢ᠂ ᠨᠡᠷᠡᠳ᠋ᠦ ᠪᠠᠭᠰᠢ ᠨᠡᠷ ᠤᠨ ᠵᠢᠯᠤᠭᠤᠳ᠋ᠤᠮᠵᠢ᠂ ᠨᠡᠷᠡᠳ᠋ᠦ ᠰᠤᠷᠭᠠᠭᠤᠯᠢ ᠶᠢᠨ ᠲᠤᠪᠴᠢ ᠲᠠᠨᠢ᠍ᠯᠴᠠᠭᠤᠯᠭ᠎ᠠ᠂ ᠰᠢ᠍ᠯᠢ᠍ᠳ᠋ᠡᠭ᠌ ᠰᠤᠷᠤᠯᠭᠠᠳ᠋ᠠᠨ ᠤ ᠲᠤᠷᠰᠢ᠍ᠯᠭ᠎ᠠ ᠵᠡᠷᠭᠡ ᠮᠠᠰᠢ ᠤᠯᠠᠨ ᠮᠠᠨᠤᠰ ᠲᠣ ᠲᠤᠬᠢᠷᠠᠬᠤ ᠮᠡᠳ᠋ᠡᠯᠭᠡ ᠮᠡᠷᠭᠡᠵᠢ᠍ᠯ ᠪᠠᠢ᠌ᠬᠤ ᠲᠤᠯᠠ ᠲᠠᠨᠠᠷ ᠠᠮᠠᠷᠠᠯᠳ᠋ᠠ ᠶᠢᠨ ᠴᠠᠭ ᠪᠤᠶᠤ ᠭᠠᠷᠠᠭ ᠲᠤᠷᠠᠰᠬᠠᠯ ᠤᠨ ᠴᠠᠭ ᠢ ᠠᠮᠵᠢ᠍ᠨ ᠮᠤᠩᠭ᠋ᠤᠯ ᠰᠦ᠋ᠯᠵᠢ᠍ᠶᠡᠨ ᠳᠤ ᠭᠠᠷᠴᠤ ᠰᠤᠷᠤᠯᠴᠠᠵᠤ ᠪᠤᠯᠤᠨ᠎ᠠ᠃

ᠲᠦ᠋ᠷᠪᠡ᠂ ᠮᠤᠩᠭ᠋ᠤᠯ ᠲᠤᠥᠷ ᠰᠦ᠋ᠯᠵᠢ᠍ᠶᠡᠨ ᠳᠤ ᠭᠠᠷᠴᠤ ᠮᠠᠨᠤᠰ ᠤᠨ ᠨᠢ᠍ᠳ᠋ᠤᠨ ᠬᠠᠷᠠᠭ᠎ᠠ ᠪᠠᠨ ᠦᠷᠭᠡᠳᠭᠡᠵᠤ ᠪᠤᠯᠤᠨ᠎ᠠ᠃ ᠮᠤᠩᠭ᠋ᠤᠯ ᠰᠦ᠋ᠯᠵᠢ᠍ᠶᠡᠨ ᠳᠤ ᠤᠯᠠᠨ ᠵᠦ᠋ᠢ᠍ᠯ ᠤᠨ ᠰᠤᠨᠢᠨ ᠮᠡᠳ᠋ᠡᠭᠡ᠂ ᠰᠤᠷᠤᠯᠭ᠎ᠠ ᠳᠤ ᠠᠰᠢ᠍ᠭᠲᠠᠢ ᠦᠯᠢ᠍ᠬᠡᠷ ᠵᠢᠱᠢ᠍ᠶ᠎ᠠ᠂ ᠲᠠᠷᠢ᠍ᠬᠢ ᠲᠤᠯᠤᠭᠠᠢ ᠪᠠᠨ ᠰᠡᠷᠭᠡᠭ᠌ ᠪᠤᠯᠭᠠᠬᠤ ᠰᠢ᠍ᠨᠵᠢ᠍ᠯᠡᠭᠦ ᠤᠬᠠᠭᠠᠨ ᠤ ᠤᠶᠤᠨ ᠤ ᠲᠦ᠋ᠯᠬᠢᠭᠦᠷ᠂ ᠮᠡᠳ᠋ᠡᠯᠭᠡ ᠪᠠᠨ ᠦᠷᠭᠡᠳᠭᠡᠨ ᠬᠦᠨᠵᠡᠭᠡᠢ᠌ᠷᠡᠭᠦᠯᠬᠦ ᠤᠬᠠᠭᠳ᠋ᠠᠬᠤᠨ᠂ ᠰᠤᠷᠤᠯᠭ᠎ᠠ ᠶᠢᠨ ᠴᠢ᠍ᠨᠢ ᠵᠦ᠋ᠭᠯᠡᠭᠦᠷ ᠤᠨ ᠴᠢ᠍ᠨᠠᠷ ᠤᠬᠠᠭᠠᠨ᠂ ᠰᠤᠷᠤᠯᠭ᠎ᠠ ᠶᠢᠨ ᠴᠢ᠍ᠨᠢ ᠵᠢᠯᠤᠭᠤᠳ᠋ᠤᠮᠵᠢ ᠶᠢᠨ ᠴᠢ᠍ᠨᠠᠷ ᠲᠡᠶ ᠪᠢᠴᠢ᠍ᠭ᠌ ᠨᠤᠮ ᠤᠨ ᠲᠠᠢ᠌ᠯᠤᠮᠵᠢ ᠵᠡᠷᠭᠡ ᠤᠯᠠᠨ ᠵᠦ᠋ᠢ᠍ᠯ ᠤᠨ ᠬᠡᠰᠡᠭ᠌ ᠪᠦᠯᠦᠭ᠌ ᠪᠠᠢ᠌ᠬᠤ ᠶᠤᠮ᠃

ᠲᠠᠪᠤ᠂ ᠮᠤᠩᠭ᠋ᠤᠯ ᠲᠤᠥᠷ ᠰᠦ᠋ᠯᠵᠢ᠍ᠶᠡᠨ ᠳᠤ ᠭᠠᠷᠴᠤ ᠦᠪᠡᠷ ᠤᠨ ᠲᠤᠷᠰᠢ᠍ᠯᠭ᠎ᠠ ᠰᠤᠷᠭᠠᠮᠵᠢ ᠪᠠᠨ ᠪᠤᠰᠤᠳ ᠲᠡᠶ ᠬᠤᠪᠢᠶᠠᠯᠴᠠᠨ ᠰᠤᠯᠢ᠍ᠯᠴᠠᠵᠤ ᠪᠤᠯᠤᠨ᠎ᠠ᠃ 《ᠲᠠᠷᠤᠥ ᠨᠤᠮᠤᠬᠠᠨ ᠪᠤᠯ ᠬᠦᠮᠦᠨ ᠢ ᠲᠠᠪᠰᠢ᠍ᠭᠤᠯᠵᠤ᠂ ᠤᠮᠤᠷᠬᠠᠭ ᠪᠠᠷᠳ᠋ᠠᠮ ᠪᠤᠯ ᠬᠦᠮᠦᠨ ᠢ ᠬᠤᠴᠤᠷᠠᠭᠤᠯᠳ᠋ᠠᠭ》 ᠲᠤᠯᠠ ᠮᠠᠨᠤᠰ ᠦᠪᠡᠷ ᠤᠨ ᠦᠯᠦ ᠬᠦᠷᠦᠯᠴᠡᠬᠦ ᠲᠠᠯ᠎ᠠ ᠪᠠᠨ ᠪᠤᠰᠤᠳ ᠤᠨ ᠲᠤᠷᠰᠢ᠍ᠯᠭ᠎ᠠ ᠶᠢᠨ ᠲᠤᠮᠳ᠋ᠠ ᠡᠴᠡ ᠰᠡᠩᠭᠡᠷᠡᠨ ᠤᠬᠠᠭᠠᠷᠠᠵᠤ᠂ ᠦᠪᠡᠷ ᠤᠨ ᠮᠤᠩᠬᠠᠭ ᠪᠢᠳ᠋ᠠᠭᠤ ᠪᠠᠨ ᠲᠠᠰᠤᠷᠠᠯᠳ᠋ᠠ ᠦᠭᠡᠶ ᠨᠦ᠋ᠬᠦᠪᠦᠷᠢ᠍ᠯᠡᠵᠤ ᠠᠪᠬᠤ ᠳᠤ ᠮᠠᠨ ᠤ ᠮᠤᠩᠭ᠋ᠤᠯ ᠰᠦ᠋ᠯᠵᠢ᠍ᠶ᠎ᠠ ᠶᠢᠨ ᠮᠠᠰᠢ ᠤᠯᠠᠨ ᠪᠤᠯᠤᠩ ᠲᠤᠳ᠋ᠤᠷ᠎ᠠ ᠡᠴᠡ ᠲᠠᠨᠤᠰ ᠦᠪᠡᠷ ᠤᠨ ᠪᠤᠳ᠋ᠠᠳ᠋ᠤ ᠪᠠᠢ᠌ᠳ᠋ᠠᠯ ᠶᠢᠠᠨ ᠦᠨᠳ᠋ᠦᠰᠦᠯᠡᠨ ᠰᠤᠩᠭ᠋ᠤᠨ ᠡᠷᠢ᠍ᠵᠤ ᠬᠠᠢ᠌ᠨ ᠰᠦ᠋ᠪᠡᠭ᠍ᠴᠢ᠍ᠯᠡᠵᠤ ᠪᠤᠯᠤᠨ᠎ᠠ᠃

ᠵᠢᠷᠭᠤᠭ᠎ᠠ᠂ ᠮᠤᠩᠭ᠋ᠤᠯ ᠲᠤᠥᠷ ᠰᠦ᠋ᠯᠵᠢ᠍ᠶᠡᠨ ᠳᠤ ᠭᠠᠷᠴᠤ ᠪᠤᠳ᠋ᠠᠳ᠋ᠤ ᠪᠠᠢ᠌ᠳ᠋ᠠᠯ ᠲᠡᠶ ᠤᠶᠠᠯᠳ᠋ᠤᠭᠤᠯᠵᠤ ᠦᠪᠡᠷᠮᠢ᠍ᠴᠡ ᠤᠨᠴᠠᠯᠢ᠍ᠭ ᠪᠦᠬᠦᠢ ᠠᠷᠭ᠎ᠠ ᠪᠠᠷᠢ᠍ᠯ ᠵᠢᠨᠷ ᠦᠰᠦᠨ ᠪᠤᠢ᠌ᠵᠢ᠍ᠶ᠎ᠠ᠃ ᠦᠪᠡᠷ ᠤᠨ ᠰᠠᠨᠠᠭ᠎ᠠ ᠰᠡᠳᠬᠢᠯ ᠤᠨ ᠰᠠᠭᠠᠳ ᠲᠤᠳᠬᠠᠷ ᠶᠢᠠᠨ ᠲᠠᠶᠠᠭᠳ᠋ᠠᠵᠤ᠂ ᠤᠶᠤᠨ ᠤ ᠮᠠᠰᠢ᠍ᠨ ᠶᠢᠠᠨ ᠬᠦᠳ᠋ᠡᠯᠭᠡᠵᠤ᠂ ᠰᠦ᠋ᠯᠵᠢ᠍ᠶᠡᠨ ᠠᠨᠳ᠋ᠠ ᠲᠡᠶ ᠪᠠᠨ ᠢᠵᠢ᠍ᠯ ᠵᠤᠷᠢ᠍ᠯᠭ᠎ᠠ ᠬᠠᠮᠳ᠋ᠤ ᠶᠢᠨ ᠬᠦᠰᠡᠯ ᠵᠢᠨᠷ ᠰᠤᠷᠤᠯᠭ᠎ᠠ ᠶᠢᠨ ᠨᠦ᠋ᠬᠦᠷᠰᠡᠭ᠌ ᠬᠠᠷᠢ᠍ᠴᠠᠭ᠎ᠠ ᠶᠢ ᠪᠠᠢ᠌ᠭᠤᠯᠵᠤ᠂ ᠴᠢ᠍ᠯᠦᠭᠡ ᠴᠠᠭ ᠢ ᠰᠢ᠍ᠨᠵᠢ᠍ᠯᠡᠭᠦ ᠤᠬᠠᠭᠠᠨᠴᠢ ᠪᠠᠷ ᠡᠵᠡᠮᠳ᠋ᠡᠨ ᠦᠪᠡᠷ ᠤᠨ ᠰᠤᠷᠤᠯᠭ᠎ᠠ ᠶᠢᠨ ᠲᠠᠷᠤᠭᠠᠰᠤ ᠪᠠᠨ ᠵᠦ᠋ᠢ ᠵᠤᠭᠢᠰᠳ᠋ᠠᠢ ᠬᠦᠩᠭᠡᠷᠡᠭᠦᠯᠵᠤ᠂ ᠰᠦ᠋ᠯᠵᠢ᠍ᠶ᠎ᠠ ᠶᠢ ᠠᠰᠢ᠍ᠭᠯᠠᠨ ᠡᠯ᠎ᠠ ᠵᠦ᠋ᠢ᠍ᠯ ᠤᠨ ᠰᠡᠳᠬᠢᠯ ᠰᠠᠨᠠᠭᠠᠨ ᠤ ᠲᠡᠭᠡᠭᠡᠷ᠎ᠠ ᠪᠠᠨ ᠲᠠᠶᠠᠭᠳ᠋ᠠᠵᠤ ᠪᠠᠢ᠌ᠭᠠᠳ ᠰᠢ᠍ᠨ᠎ᠠ ᠰᠡᠪᠡᠭᠦᠨ ᠮᠡᠳ᠋ᠡᠯᠭᠡ ᠮᠡᠷᠭᠡᠵᠢ᠍ᠯ᠂ ᠤᠶᠤᠨ ᠤᠬᠠᠭᠠᠨ᠂ ᠰᠢ᠍ᠨᠵᠢ᠍ᠯᠡᠭᠦ ᠤᠬᠠᠭᠠᠨ ᠢ ᠡᠵᠡᠮᠰᠢ᠍ᠶ᠎ᠠ᠃

ᠶᠡᠷᠦᠩᠭᠡᠢ᠌ᠯᠡᠪᠡᠯ᠂ ᠮᠠᠨ ᠤ ᠰᠤᠷᠤᠭᠴᠢ᠍ᠳ ᠵᠠᠪᠠᠯ ᠮᠤᠩᠭ᠋ᠤᠯ ᠰᠦ᠋ᠯᠵᠢ᠍ᠶ᠎ᠠ ᠪᠠᠨ ᠰᠢ᠍ᠨᠵᠢ᠍ᠯᠡᠬᠦ ᠤᠬᠠᠭᠠᠨᠴᠢ ᠪᠡᠷ ᠡᠵᠡᠮᠰᠢ᠍ᠨ᠂ ᠦᠪᠡᠷ ᠤᠨ ᠰᠤᠷᠤᠯᠭ᠎ᠠ ᠪᠠᠨ ᠤᠯᠠᠮ ᠢᠯᠡᠭᠦᠥ ᠪᠠᠳ᠋ᠤᠳᠬᠠᠨ ᠪᠡᠬᠢᠵᠢ᠍ᠭᠦᠯᠵᠤ᠂ ᠦᠪᠡᠷ ᠤᠨ ᠤᠬᠢ ᠰᠠᠢ᠌ᠬᠠᠨ ᠠᠯᠳ᠋ᠠ ᠮᠡᠳ᠋ᠦ ᠵᠠᠩᠭᠢᠯᠠᠭ᠎ᠠ ᠶᠢᠨ ᠴᠠᠭ ᠶᠢᠠᠨ ᠵᠠᠪᠠᠯ ᠲᠦ᠋ᠢ᠍ᠯ ᠤᠨ ᠤᠳᠬ᠎ᠠ ᠠᠭᠤᠯᠭ᠎ᠠ ᠲᠡᠶ ᠪᠡᠷ ᠦᠩᠭᠡᠷᠡᠭᠦᠯᠵᠤ᠂ ᠭᠡᠷ ᠤᠨ ᠠᠬᠠᠮᠠᠳ ᠲᠡᠶ ᠪᠠᠨ ᠬᠠᠷᠢ᠍ᠴᠠᠵᠤ ᠪᠠᠢ᠌ᠭᠠᠳ ᠡᠪᠦᠯ ᠵᠤᠨ ᠤ ᠠᠮᠠᠷᠠᠯᠳ᠋ᠠ ᠪᠤᠶᠤ ᠭᠠᠷᠠᠭ ᠲᠤᠷᠠᠰᠬᠠᠯ ᠤᠨ ᠡᠳ᠋ᠦᠷ ᠢ ᠠᠰᠢ᠍ᠭᠯᠠᠨ ᠮᠤᠩᠭ᠋ᠤᠯ ᠲᠤᠥᠷ ᠰᠦ᠋ᠯᠵᠢ᠍ᠶᠡᠨ ᠳᠤ ᠭᠠᠷᠴᠤ ᠮᠠᠨ ᠤ ᠦᠩᠭᠡᠷᠡᠭ᠍ᠰᠡᠨ ᠤ ᠰᠤᠷᠤᠭᠰᠠᠨ ᠲᠤᠳ᠋ᠠᠭᠤ ᠲᠤᠯᠢ᠍ᠮᠠᠭ ᠬᠢᠴᠢ᠍ᠶᠡᠯ ᠰᠤᠷᠤᠯᠭ᠎ᠠ ᠶᠢᠨ ᠲᠠᠯ᠎ᠠ ᠶᠢᠨ ᠮᠡᠳ᠋ᠡᠯᠭᠡ ᠮᠡᠷᠭᠡᠵᠢ᠍ᠯ ᠶᠢᠠᠨ ᠮᠤᠩᠭ᠋ᠤᠯ ᠲᠤᠥᠷ ᠰᠦ᠋ᠯᠵᠢ᠍ᠶᠡᠨ ᠡᠴᠡ ᠨᠦ᠋ᠬᠦᠪᠦᠷᠢ᠍ᠯᠡᠵᠤ᠂ ᠵᠢᠩᠬᠢᠨᠢ ᠰᠤᠷᠤᠯᠭ᠎ᠠ ᠶᠢᠨ ᠡᠵᠡᠨ ᠪᠤᠯᠬᠤ ᠪᠡᠷ ᠪᠤᠭᠤᠨᠢ ᠵᠢᠯᠤᠭᠤ ᠪᠤᠰᠤᠭ᠎ᠠ ᠲᠦ᠋ᠷᠦᠭᠡᠨ ᠡᠴᠡ ᠠᠯᠤᠰ ᠢ ᠰᠠᠷᠠᠪᠴᠢ᠍ᠯᠠᠨ ᠴᠢ᠍ᠷᠮᠠᠢ᠌ᠵᠠᠭᠠᠶ᠎ᠠ︕

《 ᠦᠪᠦᠷ ᠮᠤᠩᠭ᠋ᠤᠯ ᠤᠨ ᠰᠤᠷᠭᠠᠨ ᠬᠦᠮᠦᠵᠢ᠍ᠯ》 ᠰᠡᠳᠭᠦᠯ ᠤᠨ 2016 ᠤᠨ ᠤ 2 ᠳ᠋ᠤᠭᠠᠷ ᠬᠤᠭᠤᠴᠠᠭᠠᠨ ᠳᠤ ᠨᠡᠢ᠌ᠳ᠋ᠡᠯᠡᠭ᠍ᠳ᠋ᠡᠪᠡ

ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 11829
ᠴᠠᠭ᠄ 2017 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ