☆ ᠳ᠋ᠦ᠋ᠩ ᠴᠢᠩ
ᠨᠤᠳᠤᠭ ᠤᠨ ᠮᠥᠷᠦᠭᠡᠳᠦᠯ
ᠬᠤᠯᠠ ᠶᠢᠨ ᠬᠤᠯᠠ ᠳᠤ ᠴᠡᠩᠭᠡᠷᠯᠡᠭ᠍ᠰᠡᠨ
ᠬᠠᠢ᠌ᠷᠠᠳᠠᠢ ᠨᠤᠳᠤᠭ ᠶᠢᠡᠨ ᠮᠥᠷᠦᠭᠡᠳᠭᠦ ᠶᠤᠮ
ᠬᠣᠢ᠌ᠮᠤᠷ ᠳᠠᠷᠤᠨ ᠵᠠᠪᠢᠯᠠᠨ ᠰᠠᠭᠠᠳᠠᠭᠰᠠᠨ
ᠬᠤᠨᠢᠴᠢᠨ ᠠᠪᠣ ᠪᠠᠨ ᠳᠤᠷᠠᠰᠬᠤ ᠶᠤᠮ
ᠮᠥᠷᠦᠭᠡᠳᠦᠯ ᠤᠨ ᠭᠦᠨ ᠳᠤ ᠮᠢᠨᠢ ᠬᠤᠨᠤᠭᠰᠢᠭᠰᠠᠨ
ᠮᠥᠩᠭᠡ ᠶᠢᠨ ᠬᠠᠢ᠌ᠷᠠᠳᠤ ᠨᠤᠳᠤᠭ ᠡ᠃
ᠭᠠᠵᠠᠷ ᠤᠨ ᠠᠯᠤᠰ ᠡᠴᠡ ᠰᠥᠮᠡᠯᠵᠡᠭ᠍ᠰᠡᠨ
ᠭᠠᠩᠭ᠋ᠠᠩ ᠨᠤᠳᠤᠭ ᠶᠢᠡᠨ ᠪᠠᠷᠠᠯᠠᠬᠤ ᠶᠤᠮ
ᠭᠠᠳᠠᠨ᠎ᠠ ᠪᠠᠨ ᠪᠦᠭ᠍ᠴᠦᠭᠡᠷᠡᠵᠤ ᠶᠠᠭᠠᠷᠠᠭᠰᠠᠨ
ᠭᠠᠭᠴᠠ ᠯᠠ ᠡᠵᠢ ᠪᠠᠨ ᠰᠠᠨᠠᠬᠤ ᠶᠤᠮ
ᠰᠦ᠋ ᠶᠢᠨ ᠦᠨᠦᠷ ᠬᠠᠩᠬᠤᠯᠤᠭᠰᠠᠨ
ᠰᠠᠤᠠᠭᠢᠯ ᠤᠨ ᠬᠠᠢ᠌ᠷᠠᠳᠤ ᠨᠤᠳᠤᠭ ᠡ᠃
ᠠᠯᠤᠰ ᠤᠨ ᠪᠠᠷ᠎ᠠ ᠳᠤ ᠵᠡᠷᠭᠡᠯᠭᠡᠡᠳᠦᠭ᠍ᠰᠡᠨ
ᠠᠮᠤᠭᠤᠯᠠᠩ ᠨᠤᠳᠤᠭ ᠶᠢᠡᠨ ᠰᠠᠷᠠᠪᠴᠢᠯᠠᠬᠤ ᠶᠤᠮ
ᠠᠮᠵᠢᠯᠳᠠ ᠪᠦᠳᠦᠭᠡᠯ ᠶᠢᠡᠷ ᠵᠢᠭᠦᠷᠯᠡᠭ᠍ᠰᠡᠨ
ᠠᠵᠠ ᠲᠡᠶ ᠠᠮᠢᠳᠤᠷᠠᠯ ᠳ᠋ᠤᠨᠢ ᠪᠠᠶᠠᠰᠬᠤ ᠶᠤᠮ
ᠵᠡᠭᠦᠳᠤᠨ ᠳᠤ ᠳᠠᠩᠳᠠ ᠣᠶᠠᠩᠭ᠋ᠠᠷᠠᠭᠰᠠᠨ
ᠵᠢᠷᠦᠭᠡᠨ ᠤ ᠬᠠᠢ᠌ᠷᠠᠳᠤ ᠨᠤᠳᠤᠭ ᠡ᠃
ᠵᠤᠬᠢᠶᠠᠭᠴᠢ᠄ ᠳ᠋ᠦ᠋ᠩ ᠴᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3501
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ