☆ ᠯ·ᠣᠳᠤᠨ
ᠪᠣᠷᠴᠠ ᠵᠠᠵᠢᠯᠬᠤ ᠶᠢᠨ ᠊ᠭ᠍ᠱᠡᠨ ᠳᠤ ᠁
᠊᠊᠊᠊᠊᠊᠊᠊᠊᠊᠊᠊᠊᠊᠊ ᠪᠠᠭᠡᠵᠢᠩ ᠳᠤ ᠪᠢᠴᠢᠭ᠍ᠰᠡᠨ ᠰᠢᠯᠦᠭ᠌
ᠵᠢᠩ ᠤᠨ ᠭᠤᠪᠢ ᠳᠠᠭᠠᠨ ᠳᠡᠮᠡᠭᠡ ᠪᠠᠨ ᠵᠠᠯᠠᠭ᠎ᠠ ᠠᠪᠣ ᠶᠢᠨ ᠳᠤᠭᠤᠰᠤᠳᠠᠢ ᠴᠢᠷᠠᠢ ᠬᠠᠷᠠᠭᠳᠠᠨ᠎ᠠ
ᠵᠠᠷᠠᠭ ᠤᠨ ᠳᠠᠳᠠᠯᠠᠭᠤᠷ ① ᠶ᠋ᠢᠡᠨ ᠡᠯᠡᠭ᠍ᠳᠡᠳᠡᠯᠡ ᠪᠦᠯᠢᠭᠡ ᠡᠵᠢ ᠶᠢᠨ ᠳᠤᠰᠤᠳᠠᠢ ᠬᠤᠷᠮᠤᠢ ᠥᠨᠦᠷᠳᠦᠭ᠍ᠳᠡᠨ᠎ᠡ
ᠵᠠᠳᠠᠭᠠᠢ ᠰᠠᠯᠭᠢ ᠪᠠᠷ ᠣᠷᠤᠭᠤᠯ ᠶᠢᠡᠨ ᠥᠨᠦᠰᠦᠭᠦᠯᠦᠭᠡ ᠪᠦᠰᠡᠭᠦᠢ ᠶᠢᠨ ᠴᠠᠢ᠌ᠯᠭᠠᠨ ᠰᠡᠳᠭᠢᠯ ᠢᠷᠠᠨ᠎ᠡ
ᠵᠠᠪᠠᠭ ᠤᠨ ᠵᠠᠪᠰᠠᠷ ᠶᠢᠡᠷ ᠨᠢᠭᠤᠭᠳᠠᠵᠤ ᠰᠢᠷᠭᠤᠭᠰᠠᠨ ᠨᠤᠳᠤᠭ ᠤᠨ ᠬᠠᠯᠠᠭᠤᠨ ᠰᠢᠷᠤᠢ ᠠᠮᠳᠠᠯᠠᠭᠳᠠᠨ᠎ᠠ
ᠭᠡᠭᠡᠷ᠎ᠡ ᠶᠢᠨ ᠳᠤᠷᠠᠯᠠᠯ ᠢ ᠠᠯᠢᠶᠠᠯᠠᠵᠤ ᠰᠡᠪᠠᠨᠡᠳᠡᠭ᠌ ᠭᠦᠳᠡᠭᠡ ᠶᠢᠨ ᠴᠠᠪᠠᠷ ᠰᠠᠯᠭᠢ ᠥᠭᠡᠢ᠌ᠯᠡᠭ᠍ᠳᠡᠨ᠎ᠡ
ᠭᠡᠯᠡ ᠲᠡᠶ ᠶᠤᠮ ᠰᠢᠭ ᠵᠡᠭᠦᠳᠤᠨ ᠳᠤ ᠳᠠᠭᠤᠯᠠᠳᠠᠭ ᠠᠶᠠᠨ ᠤ ᠰᠢᠪᠠᠭᠤᠳ ᠤᠨ ᠭᠠᠩᠭ᠋ᠠᠨᠠᠭ᠎ᠠ ᠡᠷᠢᠭ᠍ᠳᠡᠨ᠎ᠡ
ᠭᠡᠷ ᠤᠨ ᠰᠡᠭᠦᠳᠡᠷ ᠲᠤ ᠱᠤᠤᠭᠢᠳᠠᠯ᠎ᠠ ᠢᠰᠦᠭ᠍ᠰᠡᠨ ᠠᠢ᠌ᠷᠠᠭ ᠤᠨ ᠭᠦᠴᠦᠯᠢᠭ᠌ ᠠᠮᠳᠠ ᠳᠠᠮᠰᠢᠶᠠᠯᠠᠭᠳᠠᠨᠠ
ᠭᠡᠭᠡᠨ ᠰᠦᠨᠢ ᠶᠢ ᠭᠦᠭ᠍ᠵᠢᠮᠳᠡᠵᠤ ᠴᠠᠢ᠌ᠯᠭᠠᠳᠠᠭ ᠭᠤᠷᠤᠬ᠎ᠠ ᠶᠢᠨ ᠭᠦᠢᠳᠡᠨ ᠣᠰᠤ ᠵᠠᠯᠭᠢᠭᠳᠠᠨᠠ
ᠣᠷᠤᠰᠬᠤ ᠨᠢᠯᠪᠣᠰᠤ ᠪᠠᠨ ᠬᠠᠠᠴᠤᠨ ᠳᠠᠭᠠᠨ ᠰᠢᠩᠭᠡᠭᠡᠨ ᠳᠠᠢ᠌ᠳᠬᠤᠷᠠᠳᠠᠭ ᠪᠣᠭᠤᠷᠤᠯ ᠤᠳ ᠮᠢᠨᠢ ᠥᠭᠡᠢ᠌ᠡᠯᠡᠭ᠍ᠳᠡᠨᠡ
ᠣᠴᠠᠭᠠᠷ ᠭᠤᠮᠤᠳᠠᠯ ᠶᠢᠡᠨ ᠴᠡᠭᠡᠵᠢᠨ ᠳᠡᠭᠡᠨ ᠬᠠᠳᠠᠭᠠᠯᠠᠳᠠᠭ ᠦᠭᠡᠶ ᠦᠶ᠎ᠡ ᠶᠢᠨ ᠮᠠᠭᠤ ᠨᠠᠢ᠌ᠵᠠ ᠨᠡᠷ ᠡᠷᠢᠭ᠍ᠳᠡᠨ᠎ᠡ
ᠣᠤᠭᠠᠯ ᠨᠤᠳᠤᠭ ᠤᠨ ᠡᠪᠠᠰᠤᠨ ᠳᠤ ᠭᠦᠷᠳᠡᠯ᠎ᠡ ᠳᠠᠨᠢᠭᠳᠠᠭᠰᠠᠨ ᠮᠤᠩᠭ᠋ᠤᠯ ᠵᠤᠴᠢᠠᠰᠠᠭ ᠵᠠᠩ ᠰᠠᠨᠠᠭᠳᠠᠨ᠎ᠠ
ᠣᠳᠤᠮ ᠤᠨ ᠴᠢᠰᠤᠨ ᠡᠴᠡ ᠢᠯᠭᠠᠷᠠᠭᠠᠤᠨ ᠭᠠᠷᠬᠤ ᠦᠭᠡᠶ ᠮᠢᠨᠤ ᠠᠷᠠᠤᠨ ᠤᠨ ᠳᠠᠭᠤᠤ ᠰᠤᠨᠤᠰᠳᠠᠨ᠎ᠠ
ᠬᠤᠨᠢᠨ ᠳᠤ ᠣᠨᠤᠳᠠᠭ ᠮᠤᠷᠢᠨ ᠤ ᠭᠦᠯᠦᠰᠤ ᠲᠡᠶ ᠳᠤᠬᠤᠮ ᠥᠵᠡᠭ᠍ᠳᠡᠨ᠎ᠡ
ᠬᠤᠯᠠ ᠰᠣᠢ᠌ᠳᠠᠭ ᠠᠳᠠᠨ ᠤ ᠰᠠᠢ᠌ᠷᠰᠤ ᠲᠡᠶ ᠳᠤᠮᠤ ᠳᠠᠪᠠᠭ ᠭᠢᠯᠠᠯᠵᠠᠨᠡ
ᠬᠣᠢ᠌ᠮᠤᠷ ᠤᠨ ᠠᠪᠳᠠᠷ᠎ᠠ ᠳᠤ ᠬᠠᠳᠠᠭᠠᠯᠠᠭ᠎ᠠ ᠮᠦᠰᠤᠨ ᠰᠢᠭᠢᠷ ᠵᠠᠵᠢᠯᠠᠭᠳᠠᠨᠠ
ᠬᠤᠯᠢᠯᠴᠠᠭ᠎ᠠ ᠦᠭᠡᠶ ᠣᠰᠤ ᠪᠠᠷ ᠴᠢᠨᠠᠭᠰᠠᠨ ᠰᠦ᠋ ᠲᠡᠶ ᠴᠠᠢ ᠤᠭᠤᠴᠢᠭᠳᠠᠨᠠ
ᠨᠢᠰᠭᠦ ᠭᠡᠳ ᠪᠠᠢ᠌ᠳᠠᠭ ᠰᠡᠳᠭᠢᠯ ᠮᠢᠨᠢ ᠠᠷᠭᠠᠯᠠᠭᠳᠠᠨᠠ
ᠨᠢᠰᠦᠭᠡᠳ ᠭᠦᠷᠳᠡᠭ᠌ ᠦᠭᠡᠶ ᠮᠦᠷᠦᠭᠡᠳᠦᠯ ᠮᠢᠨᠢ ᠣᠶᠠᠭᠳᠠᠨᠠ
ᠳᠠᠭᠤᠯᠠᠵᠤ ᠰᠠᠭᠤᠳᠠᠭ ᠵᠢᠷᠦᠭᠡ ᠮᠢᠨᠢ ᠳᠤᠭᠳᠤᠯᠤᠨᠡ
ᠳᠠᠭᠤᠯᠠᠭᠠᠤᠨ ᠶᠠᠳᠠᠷᠠᠳᠠᠭ ᠦᠭᠡᠶ ᠬᠤᠭᠤᠯᠠᠢ ᠮᠢᠨᠢ ᠵᠠᠩᠭᠢᠷᠠᠨ᠎ᠠ
ᠪᠣᠭᠤᠷᠤᠯ ᠨᠤᠳᠤᠭ ᠤᠨ ᠭᠦᠯᠦᠰᠤ ᠲᠡᠶ ᠴᠢᠯᠠᠭᠤ ᠵᠢᠷᠦᠭᠡᠨ ᠳᠤ ᠣᠨᠠᠨ ᠪᠦᠮᠪᠦᠷᠢᠨ᠎ᠡ
ᠪᠣᠳᠠᠩᠳᠤ ᠭᠤᠪᠢ ᠶᠢᠨ ᠳᠤᠰᠤ ᠲᠡᠶ ᠪᠣᠷᠤᠭ᠎ᠠ ᠪᠣᠳᠤᠯ ᠳᠤ ᠱᠠᠭᠢᠭᠠᠤᠨ ᠥᠩᠭᠡᠷᠡᠨ᠎ᠡ
ᠪᠣᠴᠠᠬᠤ ᠡᠳᠦᠷ ᠤᠨ ᠬᠦᠩᠭᠡᠨ ᠭᠤᠨᠢᠭ ᠪᠠᠭᠡᠵᠢᠩ ᠡᠴᠡ ᠨᠢᠰᠤᠨ ᠠᠯᠳᠠᠭᠳᠠᠨ᠎ᠠ
ᠪᠢᠴᠢᠭ᠍ᠰᠡᠨ ᠰᠢᠯᠦᠭ᠌ ᠤᠨ ᠮᠦᠷ ᠮᠦᠰᠭᠡᠨ ᠮᠢᠨᠤ ᠰᠡᠳᠭᠢᠯ ᠭᠦᠶᠤᠨ᠎ᠡ ᠡ ︕
2011 ᠣᠨ ᠤ 5 ᠰᠠᠷ᠎ᠠ ᠶᠢᠨ 17 ᠊ᠤ ᠦᠷᠯᠦᠭᠡ
《 ᠦᠨᠢᠷ ᠴᠡᠴᠡᠭ᠌》 ᠊ᠤᠨ 2011 ᠣᠨ ᠤ ᠳᠤᠯᠤᠳᠤᠭᠠᠷ ᠬᠤᠭᠤᠴᠠᠭᠠᠨ ᠡᠴᠡ ᠰᠢᠯᠵᠢᠭᠦᠯᠪᠡ᠃
① ᠠᠢ᠌ᠷᠠᠭ ᠪᠦᠯᠢᠳᠡᠭ᠌ ᠰᠠᠪᠠ ᠪᠠ ᠪᠦᠯᠢᠭᠦ ᠪᠠᠭᠠᠵᠢ
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2011 ᠤᠨ ᠤ 07 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ