ᠨᠡᠪᠲᠡᠷᠡᠨ ᠤᠷᠤᠬᠤ
ᠠᠪᠣᠷᠭᠤ ᠮᠤᠳᠤᠨ ᠤ ᠪᠠᠷ᠎ᠠ
᠊᠊᠊᠊᠊᠊᠊᠊᠊᠊᠊᠊᠊᠊᠊ ᠬᠤᠩᠭ᠋ᠤᠷ ᠰᠤᠷᠭᠠᠭᠤᠯᠢ ᠶᠢᠨ ᠳᠤᠷᠠᠰᠤᠮᠵᠢ

ᠬᠤᠯᠠ ᠶᠢᠨ ᠬᠤᠯᠠ ᠡᠴᠡ ᠪᠠᠷ᠎ᠠ ᠪᠠᠨ ᠥᠭ᠍ᠳᠡᠭ᠌ ᠳᠠᠷᠠ ᠮᠤᠳᠤ ᠬᠤᠩᠭ᠋ᠤᠷ ᠰᠤᠷᠭᠠᠭᠤᠯᠢ ᠶᠢᠨ ᠭᠦᠷᠢᠶᠡᠨ ᠳᠤ ᠣᠷᠭᠤᠵᠤ ᠪᠠᠢ᠌ᠳᠠᠭ᠃ ᠳᠠᠷᠠ ᠮᠤᠳᠤ ᠭᠡᠴᠦᠨᠡᠨ ᠣᠷᠳᠤ ᠨᠠᠰᠤᠯᠠᠭᠰᠠᠨ ᠢ ᠪᠢ ᠦᠯᠦ ᠮᠠᠳᠠᠨ᠎ᠠ᠃ ᠭᠤᠴᠢᠨ ᠬᠤᠶᠠᠷ ᠵᠢᠯ ᠤᠨ ᠡᠮᠦᠨ᠎ᠡ ᠨᠠᠮ᠎ᠠ ᠶᠢ ᠠᠩᠬ᠎ᠠ ᠳᠤᠮᠳᠠᠳᠤ ᠳᠤ ᠣᠴᠢᠬᠤ ᠳᠤ ᠳᠠᠷᠠ ᠮᠤᠳᠤ ᠮᠦᠨ ᠯᠠ ᠳᠤᠮᠤ ᠪᠠᠷ ᠶᠢᠡᠨ ᠬᠠᠷᠠᠭᠳᠠᠵᠤ ᠪᠠᠢ᠌ᠭᠰᠠ᠃ ᠠᠬᠠᠮᠠᠤᠨ ᠪᠠᠭᠰᠢ ᠨᠡᠷ ᠤᠨ ᠭᠡᠯᠡᠭᠦ ᠪᠠᠷ ᠳᠠᠷᠠ ᠮᠤᠳᠤ ᠶᠢ ᠬᠤᠩᠭ᠋ᠤᠷ ᠰᠦᠮ᠎ᠡ ᠶᠢᠨ ᠭᠡᠭᠡᠨ ᠳᠠᠷᠢᠭᠰᠠᠨ ᠭᠡᠨ᠎ᠡ᠃ ᠮᠠᠨ ᠢ ᠰᠤᠷᠭᠠᠭᠤᠯᠢ ᠳᠤ ᠪᠠᠢ᠌ᠬᠤ ᠦᠶ᠎ᠡ ᠳᠤ ᠳᠠᠷᠠ ᠮᠤᠳᠤᠨ ᠤ ᠣᠮᠠᠷ᠎ᠠ ᠳᠠᠯ᠎ᠠ ᠳᠤ ᠨᠢ ᠭᠤᠶᠤ ᠰᠠᠢ᠌ᠬᠠᠨ ᠨᠢᠷᠤᠭᠤ ᠳᠤᠯᠭᠠᠭᠤᠷᠢ ᠲᠡᠶ ᠡᠭᠦᠳᠡ ᠴᠤᠩᠬᠤ ᠢᠠᠳᠠᠷ ᠰᠠᠷᠠᠪᠴᠢ ᠦᠭᠡᠶ ᠪᠦᠷ ᠯᠠ ᠴᠡᠴᠡᠭ᠌᠂ ᠠᠮᠢᠳᠠᠨ᠂ ᠭᠡ ᠣᠭᠠᠯᠵᠠ ᠰᠡᠢ᠌ᠯᠦᠭ᠍ᠰᠡᠨ ᠭᠡᠭᠡᠡᠴᠢᠷ ᠰᠠᠢ᠌ᠬᠠᠨ ᠭᠡᠳᠤᠨ ᠳᠠᠰᠤᠯᠭ᠎ᠠ ᠰᠦᠮ᠎ᠡ ᠰᠢᠭ᠌ ᠭᠡᠷ ᠪᠠᠢ᠌ᠭᠰᠠᠨ ᠨᠢ ᠬᠤᠩᠭ᠋ᠤᠷ ᠰᠦᠮ᠎ᠡ ᠶᠢᠨ ᠭᠡᠭᠡᠨ ᠤ ᠰᠠᠭᠤᠳᠠᠭ ᠣᠷᠳᠤ ᠪᠠᠢ᠌ᠯ᠎ᠠ ᠭᠡᠳᠡᠭ᠌᠃ ᠱᠠᠰᠢᠨ ᠳᠦᠷᠤ ᠶᠢ ᠪᠠᠯᠪᠠᠴᠢᠵᠤ ᠪᠠᠢ᠌ᠭᠰᠠᠨ ᠰᠤᠶᠤᠯ ᠤᠨ ᠬᠤᠪᠢᠰᠬᠠᠯ ᠤᠨ ᠦᠶ᠎ᠡ ᠳᠤ ᠬᠤᠩᠭ᠋ᠤᠷ ᠰᠦᠮ᠎ᠡ ᠶᠢ ᠬᠤᠭ ᠦᠭᠡᠶ ᠨᠤᠷᠠᠭᠠᠭᠰᠠᠨ ᠴᠤ ᠵᠤᠯ ᠶᠢᠡᠷ ᠡᠨᠡ ᠭᠡᠷ ᠨᠢ ᠠᠷᠠᠤᠨ ᠲᠦᠮᠡᠨ ᠳᠤ ᠥᠢᠯᠡᠴᠢᠯᠡᠭᠦ ᠪᠠᠷ ᠦᠯᠠᠳᠠᠵᠤ ᠪᠠᠭᠰᠢ ᠨᠡᠷ ᠤᠨ ᠠᠯᠪᠠᠨ ᠭᠡᠷ ᠪᠣᠯᠤᠭᠰᠠᠨ ᠶᠤᠮ᠃

ᠠᠷᠪᠠᠭᠠᠤᠨ ᠵᠢᠯ ᠤᠨ ᠡᠮᠦᠨ᠎ᠡ ᠬᠤᠩᠭ᠋ᠤᠷ ᠰᠤᠷᠭᠠᠭᠤᠯᠢ ᠶᠢᠨ ᠪᠠᠷᠢᠯᠭ᠎ᠠ ᠶᠢ ᠰᠢᠨᠡᠳᠭᠡᠨ ᠵᠠᠰᠠᠬᠤ ᠦᠶ᠎ᠡ ᠳᠤ ᠡᠨᠡ ᠰᠠᠢ᠌ᠬᠠᠨ ᠣᠷᠠᠯᠢᠭ ᠤᠨ ᠪᠦᠳᠦᠭᠡᠯ ᠪᠣᠯᠤᠭᠰᠠᠨ ᠭᠡᠷ ᠢ ᠨᠤᠷᠠᠭᠠᠭᠰᠠᠨ ᠨᠢ ᠣᠳᠤ ᠪᠣᠳᠤᠬᠤ ᠪᠠᠷ ᠬᠠᠷᠠᠮᠰᠠᠮᠠᠷ ᠶᠤᠮ ᠡ᠃ ᠭᠦᠵᠢᠰ ᠤᠨ ᠣᠳᠤᠭ᠎ᠠ ᠮᠠᠨᠠᠷᠠᠵᠤ ᠪᠣᠷᠬᠠᠨ ᠱᠠᠰᠢᠨ ᠤ ᠨᠤᠮ ᠰᠢᠩᠭᠡᠭ᠍ᠰᠡᠨ ᠪᠣᠶᠠᠠᠳᠤ ᠡᠨᠡ ᠭᠠᠵᠠᠷ ᠣᠷᠤᠭ᠎ᠠ ᠪᠣᠰᠬᠠᠬ᠎ᠠ ᠣᠨ ᠰᠠᠷ᠎ᠠ ᠢ ᠣᠨ ᠤ ᠴᠠᠭᠠᠷᠢᠭ ᠲᠠᠭᠠᠨ ᠠᠭᠤᠰᠬᠠᠨ ᠣᠷᠭᠤᠭᠰᠠᠨ ᠡᠨᠡ ᠠᠪᠣᠷᠭᠤ ᠮᠤᠳᠤ ᠡᠨᠡ ᠪᠦᠭᠦᠨ ᠢ ᠬᠠᠯᠬᠠᠭ᠎ᠠ ᠦᠭᠡᠶ ᠬᠠᠷᠠᠵᠤ ᠬᠤᠩᠭ᠋ᠤᠷ ᠨᠤᠳᠤᠭ ᠤᠨ ᠬᠠᠭᠠᠰ ᠵᠠᠭᠤᠨ ᠤ ᠳᠡᠦᠭᠡ ᠶᠢ ᠣᠯᠠᠷᠢᠯ ᠤᠨ ᠰᠠᠯᠭᠢ ᠪᠠᠷ ᠭᠦᠦᠷᠨᠢᠵᠤ ᠨᠠᠷᠠᠨ ᠤ ᠳᠤᠤᠷ᠎ᠠ ᠴᠡᠯᠭᠡᠷᠡᠵᠤ ᠰᠠᠷᠠᠨ ᠤ ᠳᠤᠤᠷ᠎ᠠ ᠰᠦᠮᠠᠢ᠌ᠨ᠎ᠠ᠃

ᠪᠠᠭ᠎ᠠ ᠨᠠᠰᠤᠨ ᠤ ᠳᠤᠷᠠᠰᠤᠯ ᠳᠤ ᠮᠥᠩᠭᠡᠷᠡᠵᠤ᠂ ᠪᠠᠢ᠌ᠨ ᠪᠠᠢ᠌ᠨ ᠰᠡᠳᠭᠢᠯ ᠳᠤ ᠪᠠᠭᠤᠵᠤ ᠨᠢᠳᠤᠨ ᠳᠤ ᠬᠠᠷᠠᠭᠳᠠᠭᠠᠤᠨ ᠪᠠᠢ᠌ᠳᠠᠭ ᠡᠨᠡ ᠠᠪᠣᠷᠭᠤ ᠮᠤᠳᠤᠨ ᠤ ᠳᠡᠷᠭᠡᠳᠡ ᠦᠨᠦᠳᠤᠷ ᠢᠷᠡᠭᠦ ᠳᠤ ᠶᠠᠭ ᠰᠠᠢ᠌ᠬᠠᠨ ᠨᠠᠮᠤᠷ ᠤᠨ ᠬᠤᠩᠭ᠋ᠤᠷ ᠵᠢᠪᠠᠷ ᠣᠶᠠᠬᠠᠨ ᠵᠥᠭᠡᠯᠡᠨ ᠢᠯᠪᠢᠵᠤ ᠪᠠᠢ᠌ᠨ᠎ᠠ᠃ ᠠᠭᠤᠯᠠ ᠶᠢᠨ ᠳᠤᠯᠤᠭᠠᠢ ᠰᠢᠭᠦᠷᠡᠭ᠍ᠰᠡᠨ ᠨᠠᠷᠠᠨ ᠤ ᠳᠤᠶᠠᠭ᠎ᠠ ᠣᠯᠠᠨ ᠰᠠᠢ᠌ᠬᠠᠨ ᠥᠯᠢᠭᠡᠷ ᠳᠤᠮᠤᠭ ᠲᠡᠶ ᠬᠤᠩᠭ᠋ᠤᠷ ᠨᠤᠳᠤᠭ ᠢ ᠨᠠᠮ ᠵᠢᠮ ᠤᠨ ᠳᠤᠮᠳᠠ ᠭᠦᠷᠡᠩ ᠣᠯᠠᠭᠠᠨ ᠪᠣᠯᠳᠠᠯ᠎ᠠ ᠪᠦᠷᠭᠦᠨ᠎ᠡ᠃

ᠭᠡᠴᠦᠨᠡᠨ ᠵᠢᠯ ᠭᠦᠷ ᠭᠦᠭ᠍ᠵᠢᠭᠡᠨ ᠶᠢᠡᠷ ᠴᠠᠯᠭᠢᠯᠠᠵᠤ ᠪᠠᠢ᠌ᠭᠰᠠᠨ ᠬᠤᠩᠭ᠋ᠤᠷ ᠰᠤᠷᠭᠠᠭᠤᠯᠢ ᠶᠢᠨ ᠪᠠᠭᠰᠢ ᠰᠤᠷᠤᠭᠴᠢᠳ ᠨᠢ ᠨᠡᠭᠦᠳᠡᠯ ᠤᠨ ᠰᠢᠪᠠᠭᠤᠳ ᠰᠢᠭ ᠭᠠᠩᠭ᠋ᠠᠨᠠᠭᠠᠤᠨ ᠶᠠᠪᠣᠴᠢᠬᠠᠭᠰᠠᠨ ᠡᠴᠡ ᠦᠯᠠᠳᠠᠵᠤ ᠬᠤᠴᠤᠷᠤᠭᠰᠠᠨ ᠭᠦᠷᠢᠶ᠎ᠡ ᠬᠠᠰᠢᠶ᠎ᠠ ᠨᠢ ᠡᠨᠡ ᠨᠠᠮᠤᠷ ᠡᠴᠡ ᠯᠠ ᠡᠯᠦᠢ ᠬᠤᠯᠤᠢ ᠪᠣᠯᠵᠤ᠂ ᠵᠥᠪᠭᠡᠨ ᠨᠠᠮᠤᠷ ᠤᠨ ᠬᠤᠩᠭ᠋ᠤᠷ ᠵᠢᠪᠠᠷ ᠯᠠ ᠦᠯᠦᠨ ᠡᠪᠠᠰᠤ ᠣᠷᠭᠤᠭᠰᠠᠨ ᠡᠵᠡᠭᠦᠢ ᠭᠦᠷᠢᠶ᠎ᠡ ᠬᠠᠰᠢᠶ᠎ᠠ ᠪᠠᠷ ᠴᠡᠭᠡᠷ ᠦᠭᠡᠶ ᠱᠤᠤᠭᠢᠵᠤ᠂ ᠨᠠᠮ ᠵᠢᠮ ᠭᠢᠴᠢᠶᠠᠯ ᠤᠨ ᠭᠡᠷ ᠨᠠᠷᠭᠢᠶᠠᠨ ᠦᠭᠡᠶ ᠳᠠᠮᠢᠷ ᠤᠨ ᠳᠠᠯᠠᠪᠠᠢ ᠨᠠᠷᠢᠨ ᠳᠤᠭᠤᠰᠤ ᠰᠠᠭᠤᠭᠰᠠᠨ ᠵᠦᠷᠢᠭ᠌ ᠤᠳ ᠠᠨᠢᠷ ᠴᠢᠮᠡᠭᠡ ᠦᠭᠡᠶ ᠶᠢᠨ ᠳᠤᠮᠳᠠ ᠶᠤᠯᠪᠣᠢ᠌ᠵᠤ ᠬᠠᠷᠠᠭᠳᠠᠨ᠎ᠠ᠃ ᠢᠯᠤᠮ ᠵᠢᠯᠤᠮ ᠡᠨᠡ ᠪᠠᠢ᠌ᠳᠠᠯ ᠨᠠᠳᠠᠳᠤ ᠶᠠᠮᠠᠷ ᠨᠢᠭᠡᠨ ᠵᠣᠢ᠌ᠯ ᠢ ᠭᠦᠰᠡᠨ ᠡᠷᠢᠭᠦ ᠵᠢᠴᠢ ᠶᠠᠮᠠᠷ ᠨᠢᠭᠡᠨ ᠵᠣᠢ᠌ᠯ ᠳᠤ ᠣᠶᠠᠷᠠᠨ ᠭᠠᠩᠰᠠᠷᠠᠬᠤ ᠰᠡᠳᠭᠢᠭ᠍ᠳᠡᠯ ᠢ ᠠᠷᠭ᠎ᠠ ᠦᠭᠡᠶ ᠦᠭ‍ᠭᠦᠨ᠎ᠡ᠃

ᠰᠡᠳᠭᠢᠯ ᠰᠤᠨᠤᠷ ᠲᠤ ᠳᠤᠯᠠᠭᠠᠬᠠᠨ ᠮᠤᠩᠭ᠋ᠤᠯ ᠭᠡᠯᠡ ᠪᠠᠷ ᠶᠢᠡᠨ ᠵᠢᠷᠭᠠᠯ ᠲᠡᠶ ᠱᠤᠯᠤᠭᠠᠨᠠᠵᠤ᠂ ᠪᠠᠶᠠᠰᠤᠨ ᠳᠡᠪᠭᠡᠷᠡᠵᠤ᠂ ᠢᠨᠢᠶᠠᠨ ᠭᠦᠭᠡᠷᠦᠳᠡᠭ᠌ ᠭᠦᠭᠡᠷᠦᠭᠦᠨ ᠣᠯᠠᠨ ᠬᠡᠦᠬᠡᠳ ᠬᠠᠮᠢᠭ᠎ᠠ ᠪᠠᠢ᠌ᠨ᠎ᠠ ︖ ᠭᠢᠴᠢᠶᠠᠯ ᠣᠩᠰᠢᠬᠤ ᠴᠡᠭᠡᠯᠭᠡᠨ ᠳᠠᠭᠤ᠂ ᠭᠡᠭᠡᠷ᠎ᠡ ᠭᠦᠳᠡᠭᠡ ᠭᠦᠷᠳᠡᠯ᠎ᠡ ᠭᠦᠩᠭᠢᠨᠡᠨ ᠳᠠᠭᠤᠷᠢᠰᠤᠳᠠᠭ ᠬᠤᠩᠬᠤᠨ ᠳᠠᠭᠤ ᠶᠠᠭᠠᠭᠢᠪᠠ ︖ ᠭᠡᠵᠤ ᠨᠠᠳᠠ ᠡᠴᠡ ᠠᠰᠠᠭᠤᠬᠤ ᠰᠢᠭ ᠰᠤᠷᠭᠠᠭᠤᠯᠢ ᠶᠢᠨ ᠭᠦᠨ ᠭᠦᠷᠢᠶᠡᠨ ᠳᠤ ᠴᠤᠷ ᠤᠨ ᠭᠠᠭᠴᠠ ᠪᠠᠷ ᠰᠠᠭᠢᠭᠤᠯ ᠪᠣᠯᠵᠤ ᠵᠤᠭᠰᠤᠭᠰᠠᠨ ᠠᠪᠣᠷᠭᠤ ᠮᠤᠳᠤ ᠲᠦᠮᠡ ᠮᠢᠩᠭ᠋ᠠᠨ ᠨᠠᠪᠴᠢᠰ ᠶᠢᠡᠨ ᠳᠡᠷᠪᠠᠭᠦᠯᠤᠨ ᠵᠥᠭᠡᠯᠡᠨ ᠵᠢᠪᠠᠷ ᠲᠤ ᠱᠤᠤᠭᠢᠵᠤ ᠪᠠᠢ᠌ᠨ᠎ᠠ᠃ ᠪᠢ ᠳᠤᠮᠤ ᠮᠤᠳᠤᠨ ᠤ ᠳᠡᠷᠭᠡᠳᠡ ᠲᠤᠩ ᠵᠢᠵᠢᠭ᠌ ᠰᠠᠨᠠᠭᠳᠠᠪᠠ᠃ ᠡᠨᠡ ᠦᠶ᠎ᠡ ᠳᠤ ᠡᠨᠡ ᠭᠦᠷᠢᠶᠡᠨ ᠳᠤ ᠠᠯᠢᠶᠠᠯᠠᠵᠤ ᠪᠠᠢ᠌ᠭᠰᠠᠨ ᠪᠠᠭ᠎ᠠ ᠶᠢᠨ ᠳᠤᠷᠠᠳᠬᠠᠯ ᠠᠷᠭ᠎ᠠ ᠦᠭᠡᠶ ᠪᠣᠳᠤᠯ ᠤᠨ ᠭᠦᠰᠢᠭᠡᠨ ᠳᠤ ᠳᠤᠳᠤᠷᠠᠨ᠎ᠠ ᠁

ᠲ᠋ᠠᠯᠠᠭᠠᠤᠨ ᠣᠨ ᠤ ᠰᠡᠭᠦᠯᠴᠢ ᠪᠠᠷ ᠪᠢᠳᠠ ᠬᠤᠷᠢᠨ ᠭᠠᠵᠠᠷ ᠤᠨ ᠳᠡᠷᠳᠡᠭᠡ ᠡᠴᠡ ᠨᠤᠮ ᠪᠢᠴᠢᠭ᠌ ᠪᠣᠯᠤᠨ ᠦᠳᠡ ᠶᠢᠨ ᠭᠦᠨᠡᠰᠤ ᠪᠠᠨ ᠡᠭᠦᠷᠴᠤ ᠰᠤᠷᠭᠠᠭᠤᠯᠢ ᠵᠥᠭ᠌ ᠶᠢᠡᠨ ᠶᠠᠪᠠᠭᠠᠨ ᠭᠦᠶ‍ᠦᠳᠡᠭ᠌ ᠪᠠᠢ᠌ᠭᠰᠠᠨ᠃ ᠵᠤᠨ ᠨᠠᠮᠤᠷ ᠤᠨ ᠣᠯᠠᠷᠢᠯ ᠪᠣᠯ ᠭᠠᠢ᠌ᠭᠤᠢ ᠶᠤᠮ᠂ ᠬᠠᠪᠣᠷ ᠡᠪᠦᠯ ᠪᠣᠯ ᠭᠡᠴᠡᠭᠦᠤ ᠯᠠ ᠪᠠᠢ᠌ᠳᠠᠭ᠂ ᠭᠦᠢᠳᠡᠨ ᠰᠠᠯᠭᠢ ᠰᠦᠷᠴᠤ ᠭᠡᠷ ᠵᠥᠭ᠌ ᠶᠢᠡᠨ ᠶᠠᠪᠣᠬᠤ ᠳᠠᠭᠠᠨ ᠨᠦᠮᠦᠷᠢ ᠨᠦᠮᠦᠷᠢ ᠳᠡᠭᠡᠨ ᠳᠠᠯᠳᠠᠯᠠᠨ ᠶᠡᠭᠡᠩᠭᠢ ᠵᠠᠮ ᠢ ᠨᠢ ᠬᠠᠴᠠᠷ ᠶᠢᠡᠨ ᠭᠦᠯᠳᠡᠭᠡᠭᠦ ᠡᠴᠡ ᠠᠶᠤᠵᠤ ᠣᠬᠤᠷᠢᠭ᠎ᠠ ᠪᠠᠷ ᠬᠤᠷᠤᠭᠠᠳᠠᠭ ᠪᠠᠢ᠌ᠭᠰᠠᠨ᠃ ᠰᠤᠷᠭᠠᠭᠤᠯᠢ ᠵᠥᠭ᠌ ᠶᠢᠡᠨ ᠢᠷᠡᠭᠦ ᠳᠤ ᠶᠠᠳᠠᠷᠠᠬᠤ ᠶᠢᠨ ᠡᠷᠭᠡᠨ ᠳᠤ ᠵᠠᠮ ᠶᠠᠷᠤᠨᠢ ᠬᠤᠷᠤᠭᠳᠠᠬᠤ ᠦᠭᠡᠶ ᠰᠢᠭ᠌ ᠪᠣᠯᠬᠤ ᠳᠤ ᠯᠠ ᠰᠤᠷᠭᠠᠭᠤᠯᠢ ᠶᠢᠨ ᠭᠦᠷᠢᠶᠡᠨ ᠤ ᠠᠪᠣᠷᠭᠤ ᠮᠤᠳᠤ ᠠᠯᠤᠰ ᠡᠴᠡ ᠬᠠᠯᠠᠭᠤᠬᠠᠨ ᠪᠠᠷ᠎ᠠ ᠪᠠᠨ ᠥᠭ᠍ᠴᠤ 《ᠣᠳᠤ ᠭᠦᠷᠭᠦ ᠤᠢ᠌ᠷᠠᠳᠤᠯ᠎ᠠ᠂ ᠴᠢᠷᠮᠠᠢ》 ᠭᠡᠵᠤ ᠪᠠᠢ᠌ᠬᠤ ᠰᠢᠭ ᠮᠠᠨ ᠢ ᠳᠠᠯᠠᠯᠤᠬᠤ ᠪᠠᠷ ᠨᠢ ᠭᠦᠴᠤᠨ ᠵᠤᠷᠢᠭ ᠮᠢᠨᠢ ᠨᠡᠮᠡᠭ᠍ᠳᠡᠭᠡᠳ ᠢᠷᠡᠳᠡᠭ᠌ ᠪᠠᠢ᠌ᠭᠰᠠᠨ᠃ ᠳᠠᠷᠠ ᠦᠶ᠎ᠡ ᠳᠤ ᠮᠤᠲ᠋ᠤᠷ ᠮᠠᠰᠢᠨ ᠪᠠᠢ᠌ᠳᠤᠭᠠᠢ ᠳᠤᠭᠤᠢ ᠳᠡᠷᠭᠡ ᠴᠤ ᠲᠤᠩ ᠬᠤᠪᠣᠷ ᠪᠠᠢ᠌ᠭᠰᠠᠨ᠃ ᠰᠢᠷ᠎ᠠ ᠰᠢᠰᠢ ᠪᠠᠷ ᠡᠳᠦᠷ ᠬᠤᠨᠤᠭ ᠢ ᠳᠤᠭᠤᠯᠵᠤ ᠪᠠᠢ᠌ᠭᠰᠠᠨ ᠨᠢᠯᠪᠣᠰᠤ ᠣᠨᠠᠮ᠎ᠠ ᠳᠠᠷᠠ ᠦᠶ᠎ᠡ ᠶᠢ ᠣᠳᠤ ᠶᠢᠨ ᠬᠡᠦᠬᠡᠳ ᠲᠤ ᠶᠠᠷᠢᠬᠤ ᠳᠤ᠂ ᠳᠠᠳᠠ ᠦᠯᠦ ᠢᠳᠡᠭᠡᠭᠦ ᠨᠢᠯᠬ᠎ᠠ ᠬᠠᠷᠠᠴᠠ ᠪᠠᠨ ᠨᠠᠰᠢ ᠪᠠᠨ ᠭᠦᠶ‍ᠦᠯᠭᠡᠵᠤ 《ᠲ᠋ᠠ ᠳᠠᠷᠠ ᠬᠠᠭᠤᠴᠢᠨ ᠨᠡᠢ᠌ᠭᠡᠮ ᠶᠢᠡᠨ ᠪᠣᠤ ᠶᠠᠷᠢᠭᠠᠤᠨ ᠪᠠᠢ》  ᠭᠡᠵᠤ ᠬᠤᠯᠠ ᠳᠤᠷ᠎ᠠ ᠥᠭᠡᠢ᠌ᠴᠡᠳᠡᠭ᠌ ᠢ ᠶᠠᠭᠤ ᠭᠡᠭᠦ ᠪᠣᠢ ︖ ᠳᠠᠷᠠ ᠯᠠ ᠰᠠᠢ᠌ᠬᠠᠨ ᠦᠶ᠎ᠡ ᠳᠤ ᠪᠢᠳᠠ ᠪᠠᠭᠰᠢ ᠶᠢᠨ ᠥᠭᠡ ᠶᠢ ᠪᠣᠷᠬᠠᠨ ᠤ ᠰᠤᠷᠭᠠᠯ ᠰᠢᠭ ᠳᠠᠷᠢᠭᠢᠨ ᠳᠠᠭᠠᠨ ᠰᠢᠩᠭᠡᠭᠡᠵᠤ᠂ ᠪᠠᠭ᠎ᠠ ᠪᠠᠢ᠌ᠭᠰᠠᠨ ᠴᠤ ᠪᠢᠳᠠ ᠨᠤᠮ ᠨᠤᠮᠤᠬᠠᠨ ᠬᠤᠶᠠᠷ ᠢ ᠵᠡᠷᠭᠡᠳᠡ ᠨᠢ ᠰᠤᠷᠤᠶ᠎ᠠ ᠭᠡᠵᠤ ᠴᠠᠷᠮᠠᠢ᠌ᠳᠠᠭ ᠶᠤᠰᠤᠳᠠᠢ ᠣᠬᠠᠭᠠᠨ ᠳᠤᠮᠤᠭ᠎ᠠ ᠲᠡᠶ ᠯᠠ ᠬᠡᠦᠬᠡᠳ ᠪᠠᠢ᠌ᠭᠰᠠᠨ ᠳ᠋ᠠ᠃

ᠵᠤᠨ ᠤ ᠬᠠᠯᠠᠭᠤᠨ ᠳᠤ ᠡᠨᠡ ᠮᠤᠳᠤᠨ ᠤ ᠰᠡᠭᠦᠳᠡᠷ ᠮᠠᠨ ᠤ ᠵᠢᠷᠭᠠᠯ ᠤᠨ ᠣᠷᠤᠨ ᠪᠣᠯᠳᠠᠭ᠃ ᠠᠯᠢᠶ᠎ᠠ ᠵᠠᠩ ᠳᠠᠭᠠᠨ ᠳᠤᠭᠳᠠᠵᠤ ᠶᠠᠳᠠᠨ ᠪᠠᠭᠰᠢ ᠡᠴᠡ ᠨᠢᠭᠤᠵᠤ ᠡᠨᠡ ᠮᠤᠳᠤᠨ ᠤ ᠦᠨᠳᠦᠷ ᠲᠤ ᠠᠪᠠᠷᠢᠬᠤ ᠳᠤ ᠳᠤᠭᠤᠰᠤ ᠳᠤᠷᠳᠠᠭ ᠦᠭᠡᠶ ᠠᠯᠤᠰ ᠤᠨ ᠪᠠᠷ᠎ᠠ ᠳᠤᠳᠤ ᠡᠴᠡ ᠳᠤᠳᠤ ᠬᠠᠷᠠᠭᠳᠠᠵᠤ ᠶᠤᠰᠤᠳᠠᠢ ᠭᠤᠶᠤ ᠪᠠᠢ᠌ᠭᠰᠠᠨ ᠶᠤᠮ᠃ ᠡᠮᠦᠨᠡᠰᠢ ᠬᠤᠩᠭ᠋ᠤᠷ ᠣᠪᠣᠭ᠎ᠠ᠂ ᠵᠡᠭᠦᠨ ᠡᠮᠦᠨᠡᠰᠢ ᠪᠠᠶᠠᠨ ᠪᠣᠯᠠᠭ᠂ ᠪᠣᠷᠤ ᠬᠤᠰᠢᠭᠤ᠂ ᠵᠡᠭᠦᠡᠰᠢ ᠪᠠᠶᠠᠨ ᠰᠠᠷᠠᠭᠤᠯ ᠤᠨ ᠠᠢ᠌ᠯ ᠤᠳ ᠮᠤᠷᠢᠳᠠᠢ ᠭᠦᠮᠤᠨ ᠣᠷᠤᠭᠠᠤᠨ ᠳᠤᠯᠤᠭᠠᠢ ᠨᠢ ᠵᠥᠳᠡᠭᠦᠤ ᠯᠠ ᠬᠠᠷᠠᠭᠳᠠᠳᠠᠭ ᠳᠠᠷᠠᠰᠤᠨ ᠳᠤᠮᠳᠠ ᠪᠦᠷᠳᠡᠯᠵᠡᠳᠡᠭ᠌ ᠪᠠᠢ᠌ᠭᠰᠠᠨ᠃ ᠨᠠᠩ ᠴᠤ ᠮᠥᠩᠭᠦᠨ ᠮᠤᠭᠠᠢ᠌ᠳᠤ ᠠᠭᠤᠯᠠ ᠶᠢᠨ ᠨᠠᠭᠠᠭᠤᠷ ᠪᠠᠢ᠌ᠳᠠᠭ ᠪᠠᠶᠠᠨ ᠴᠠᠭᠠᠨ᠂ ᠰᠠᠢ᠌ᠨ ᠣᠰᠤ᠂ ᠣᠩᠭ᠋ᠤᠨ ᠬᠤᠧᠨ ᠶᠢᠨ ᠠᠢ᠌ᠯ ᠤᠳ ᠤᠨ ᠪᠠᠷ᠎ᠠ ᠨᠢ ᠬᠠᠷᠠᠭᠳᠠᠬᠤ ᠦᠭᠡᠶ ᠵᠥᠪᠭᠡᠨ ᠨᠤᠭᠤᠭᠠᠨ ᠵᠡᠷᠭᠡᠯᠭᠡᠨ ᠤ ᠳᠤᠮᠳᠠ ᠵᠢᠷᠪᠢᠯᠵᠡᠭᠡᠳ ᠯᠠ ᠳᠤᠳᠤᠷᠬᠠᠢ ᠬᠠᠷᠠᠭᠳᠠᠬᠤ ᠶᠠᠭᠤᠮ᠎ᠠ ᠦᠭᠡᠶ ᠨᠢᠳᠤᠨ ᠳᠤ ᠨᠢᠯᠪᠣᠰᠤ ᠬᠤᠷᠠᠭᠤᠯᠳᠠᠭ ᠪᠠᠢ᠌ᠭᠰᠠᠨ᠃ ᠵᠡᠭᠦᠨ ᠬᠣᠢ᠌ᠰᠢ ᠪᠠᠨ ᠬᠠᠷᠠᠭ᠎ᠠ ᠰᠢᠯᠵᠢᠭᠦᠯᠡᠪᠠᠯ᠂ ᠴᠠᠭᠠᠨ ᠡᠭᠦᠯᠡ ᠦᠷᠭᠦᠯᠵᠢ ᠣᠷᠤᠢ ᠳᠤ ᠨᠢ ᠪᠠᠭᠤᠳᠠᠭ ᠰᠠᠢ᠌ᠠᠵᠠᠩᠳᠤ᠂ ᠬᠠᠷᠠᠭᠤᠤᠯ ᠤᠨ ᠠᠭᠤᠯᠠ ᠭᠦᠭᠡᠷᠡᠵᠤ᠂ ᠣᠮᠠᠷᠠᠰᠢ ᠪᠠᠭ᠎ᠠ ᠬᠠᠨ ᠠᠭᠤᠯᠠ᠂ ᠶᠡᠭᠡ ᠬᠠᠷᠠᠭᠠᠨ᠎ᠠ ᠲᠡᠶ ᠭᠦᠷᠢᠶᠡᠳᠤ᠂ ᠪᠠᠷᠠᠭᠤᠨ ᠬᠣᠢ᠌ᠰᠢ ᠣᠯᠠᠨ ᠳᠤᠯᠤᠭᠠᠢ᠌ᠳᠤ᠂ ᠪᠠᠷᠠᠭᠤᠨ ᠳᠠᠯ᠎ᠠ ᠳᠤ ᠮᠠᠢ᠌ᠷᠠᠨ ᠬᠠᠷ᠎ᠠ᠂ ᠪᠠᠷᠠᠭᠤᠨ ᠡᠮᠦᠨ᠎ᠡ ᠦᠨᠳᠦᠷ ᠮᠠᠩᠬᠠᠳᠤ ᠵᠡᠷᠭᠡ ᠬᠤᠩᠭ᠋ᠤᠷ ᠨᠤᠳᠤᠭ ᠢ ᠭᠦᠷᠢᠶᠡᠯᠡᠭ᠍ᠰᠡᠨ ᠰᠠᠢ᠌ᠬᠠᠨ ᠰᠠᠢ᠌ᠬᠠᠨ ᠠᠭᠤᠯᠠᠰ ᠤᠳ ᠬᠠᠷᠠᠭᠳᠠᠵᠤ ᠰᠡᠳᠭᠢᠯ ᠭᠦᠭ᠍ᠰᠡᠭᠡᠳᠡᠭ᠌ ᠶᠤᠮ᠃ ᠳᠠᠷᠠ ᠬᠤᠯᠠ ᠶᠢᠨ ᠬᠠᠯᠠᠭᠤᠬᠠᠨ ᠪᠠᠷ᠎ᠠ ᠲᠡᠶ ᠠᠭᠤᠯᠠᠰ ᠶᠢᠡᠨ ᠬᠠᠷᠠᠬᠤ ᠪᠣᠯᠭᠠᠨ ᠳᠠᠷᠠ ᠨᠢ ᠳᠡᠭ᠍ᠷᠢ ᠶᠢᠨ ᠬᠠᠶᠠᠭ᠎ᠠ ᠲᠡᠶ ᠨᠠᠢ᠌ᠯᠠᠵᠤ ᠰᠡᠭᠦᠢᠭᠡᠳ ᠯᠠ᠂ ᠬᠤᠵᠢᠮ ᠤᠨ ᠡᠳᠦᠷ ᠬᠤᠯᠠ ᠶᠠᠪᠣᠵᠤ ᠶᠡᠭᠡ ᠶᠢ ᠥᠵᠡᠭᠦ ᠭᠦᠰᠡᠯ ᠢ ᠮᠢᠨᠢ ᠭᠦᠪᠴᠢᠯᠡᠭᠡᠳ ᠯᠠ ᠪᠠᠢ᠌ᠭᠰᠠᠨ᠃ ᠠᠩᠬ᠎ᠠ ᠳᠤᠮᠳᠠᠳᠤ ᠳᠤ ᠪᠠᠢ᠌ᠭᠰᠠᠨ ᠭᠤᠷᠪᠠᠨ ᠵᠢᠯ ᠮᠠᠨᠢ ᠡᠨᠡ ᠠᠪᠣᠷᠭᠤ ᠮᠤᠳᠤ ᠲᠡᠶ ᠵᠠᠢ ᠦᠭᠡᠶ ᠪᠠᠷᠢᠯᠳᠤᠵᠤ ᠵᠤᠯ ᠵᠢᠷᠭᠠᠯᠳᠤ ᠪᠠᠭ᠎ᠠ ᠨᠠᠰᠤᠨ ᠤ ᠮᠥᠩᠭᠡ ᠶᠢᠨ ᠳᠤᠷᠠᠰᠤᠯ ᠪᠣᠯᠵᠤ ᠬᠤᠴᠤᠷᠤᠭᠰᠠᠨ  ᠶᠤᠮ᠃

ᠡᠨᠡ ᠦᠶ᠎ᠡ ᠳᠤ ᠨᠠᠷ᠎ᠠ ᠶᠢ ᠨᠢ ᠦᠯᠦ ᠮᠡᠳᠡᠭᠦ ᠨᠢᠭᠡ ᠠᠯᠠᠭ ᠰᠢᠪᠠᠭᠤ ᠮᠢᠨᠤ ᠳᠡᠷᠭᠡᠳᠡᠭᠦᠷ ᠡᠷᠭᠢᠯᠳᠤᠨ ᠨᠢᠰᠦᠭ᠍ᠰᠡᠨ ᠶᠢᠡᠨ ᠠᠪᠣᠷᠭᠤ ᠮᠤᠳᠤᠨ ᠤ ᠰᠠᠯᠠᠭᠠᠨ ᠳᠤ ᠰᠠᠭᠤᠭᠠᠤᠨ ᠣᠶᠠᠩᠭ᠋ᠠᠳᠠᠢ ᠵᠢᠷᠭᠢᠪᠠ᠃ ᠡᠭᠡ ᠪᠠᠢ᠌ᠭᠠᠯᠢ ᠶᠢᠨ ᠴᠤᠯ ᠴᠠᠪᠠᠷ ᠡᠨᠡᠭᠦ ᠡᠭᠡᠰᠢᠭ᠌ ᠲᠤ ᠰᠤᠨᠤᠷ ᠮᠢᠨᠢ ᠪᠠᠶᠠᠰᠴᠤ ᠰᠡᠳᠭᠢᠯ ᠳᠤ ᠮᠠᠨᠠᠭᠳᠠᠭᠰᠠᠨ ᠤᠢ᠌ᠳᠬᠠᠷ ᠳᠤᠤᠷ᠎ᠠ ᠪᠠᠨ ᠰᠠᠷᠨᠢᠬᠤ ᠶᠢᠨ ᠵᠠᠪᠰᠢᠶᠠᠨ ᠪᠣᠯᠤᠯ᠎ᠠ᠃ ᠡᠨᠡ ᠮᠤᠳᠤᠨ ᠳᠡᠭᠡᠷ᠎ᠡ ᠭᠡᠴᠦᠨᠡᠨ ᠣᠯᠠᠨ ᠰᠢᠪᠠᠭᠤ ᠵᠢᠷᠭᠢᠵᠤ ᠰᠠᠭᠤᠭᠠᠤᠨ ᠵᠢᠷᠭᠢᠵᠤ ᠨᠢᠰᠦᠭ᠍ᠰᠡᠨ ᠪᠣᠯ ︖ ᠡᠨᠡ ᠮᠤᠳᠤ ᠮᠠᠨᠢ ᠭᠡᠴᠦᠨᠡᠨ ᠣᠯᠠᠨ ᠠᠩᠭ᠋ᠠᠬᠠᠢ ᠶᠢ ᠨᠡᠪᠴᠢᠭᠦᠯᠤᠨ ᠪᠣᠢ᠌ᠵᠢᠭᠤᠯᠵᠤ ᠦᠳᠦ ᠰᠦᠳᠤ ᠶᠢ ᠨᠢ ᠪᠦᠷᠢᠳᠦᠭᠦᠯᠤᠨ ᠦᠨᠳᠦᠷ ᠳᠡᠭ᠍ᠷᠢ ᠳᠤ ᠡᠷᠭᠦᠨ ᠨᠢᠰᠭᠡᠭ᠍ᠰᠡᠨ ᠪᠣᠯ ︖ ᠣᠯᠠᠨ ᠵᠢᠯ ᠤᠨ ᠰᠠᠯᠭᠢ ᠪᠣᠷᠤᠭᠠᠨ ᠠᠶᠤᠩᠭ᠋᠎ᠠ ᠴᠠᠭᠢᠯᠭᠠᠨ ᠢ ᠠᠵᠢᠭ ᠦᠭᠡᠶ ᠳᠤᠭᠤᠯᠠᠭᠰᠠᠨ ᠡᠨᠡ ᠠᠪᠣᠷᠭᠤ ᠮᠤᠳᠤ ᠮᠠᠨᠢ ᠮᠤᠩᠭ᠋ᠤᠯ ᠰᠤᠶᠤᠯ ᠤᠨ ᠣᠢ ᠠᠮᠢᠰᠬᠤᠭ᠎ᠠ ᠶᠢ ᠠᠯᠳᠠᠨ ᠨᠠᠷᠠᠨ ᠤ ᠰᠠᠴᠤᠷᠠᠭ ᠲᠡᠶ ᠨᠢ ᠠᠭᠤᠰᠬᠠᠨ ᠣᠨ ᠤ ᠴᠠᠭᠠᠷᠢᠭ ᠲᠠᠭᠠᠨ ᠳᠡᠮᠳᠡᠭᠯᠡᠵᠤ ᠣᠳᠤ ᠪᠣᠯᠳᠠᠯ᠎ᠠ ᠢᠳᠡᠷᠡᠭᠦᠨ ᠣᠷᠭᠤᠭᠰᠠᠭᠠᠷ᠃ ᠶᠠᠭ ᠡᠢ᠌ᠮᠡᠷᠭᠦ ᠨᠤᠭᠤᠷᠠᠰᠢ ᠦᠭᠡᠶ ᠠᠮᠢᠵᠢᠷᠠᠯ ᠤᠨ ᠭᠦᠴᠤᠨ ᠳᠡᠭᠦᠯᠳᠡᠷ ᠪᠠᠢ᠌ᠳᠠᠭ ᠡᠴᠡ ᠡᠨᠡ ᠠᠪᠣᠷᠭᠤ ᠮᠤᠳᠤ ᠮᠢᠨᠢ ᠡᠷᠳᠡᠮ ᠤᠨ ᠥᠯᠦᠭᠡᠢ ᠪᠣᠯᠤᠭᠰᠠᠨ ᠰᠤᠶᠤᠯ ᠤᠨ ᠪᠠᠳᠤ ᠪᠠᠭᠢᠯᠠᠯᠳᠠ ᠪᠠᠨ ᠣᠳᠤ ᠪᠣᠯᠳᠠᠯ᠎ᠠ ᠰᠠᠭᠢᠵᠤ ᠥᠯᠡᠳᠡᠭ᠍ᠰᠡᠨ ᠦᠷᠯᠦᠭ᠌ ᠵᠠᠩᠵᠤᠨ ᠰᠢᠭ᠌ ᠨᠤᠳᠤᠭ ᠰᠤᠶᠤᠯ ᠤᠨ ᠶᠡᠭᠡ ᠭᠡᠢ᠌ᠮᠦᠷᠢ ᠶᠢ ᠭᠦᠮᠤᠨ ᠤ ᠰᠡᠳᠭᠢᠯ ᠳᠤ ᠡᠷᠭᠦᠨ᠂ ᠭᠦᠷᠦᠰᠦᠳᠤ ᠳᠡᠯᠡᠭᠡᠢ ᠶᠢ ᠢᠰᠭᠦᠯᠤᠨ ᠭᠦᠭᠡ ᠳᠡᠭ᠍ᠷᠢ ᠵᠥᠭ᠌ ᠳᠠᠮᠡᠤᠯᠠᠨ ᠣᠷᠭᠤᠭᠰᠠᠭᠠᠷ ᠡ᠃ ᠡᠢ᠌ᠮᠤ ᠡᠴᠡ ᠪᠢ ᠡᠨᠡᠭᠦ ᠠᠪᠣᠷᠭᠤ ᠮᠤᠳᠤ ᠶᠢ ᠨᠤᠳᠤᠭ ᠤᠨ ᠰᠦᠯᠳᠡ ᠭᠡᠵᠤ ᠰᠠᠨᠠᠳᠠᠭ᠂ ᠨᠤᠭᠤᠭᠠᠨ ᠰᠢᠳᠦᠭᠡᠨ ᠪᠣᠯᠭᠠᠵᠤ ᠮᠦᠷᠦᠭᠡᠳᠦᠯ ᠳᠡᠭᠡᠨ ᠣᠩᠭ᠋ᠤᠯᠠᠳᠠᠭ ᠡ ᠁

ᠣᠷᠤᠢ ᠶᠢᠨ ᠣᠯᠠᠭᠠᠨ ᠳᠤᠶᠠᠭ᠎ᠠ ᠶᠢ ᠨᠠᠪᠴᠢ ᠪᠦᠭᠦᠨ ᠳᠡᠭᠡᠨ ᠰᠢᠩᠭᠡᠭᠡᠵᠤ ᠨᠠᠮᠤᠷ ᠤᠨ ᠬᠤᠩᠭ᠋ᠤᠷ ᠵᠢᠪᠠᠷ ᠲᠤ ᠨᠠᠮ ᠵᠥᠭᠡᠯᠡᠨ ᠱᠤᠤᠭᠢᠭᠰᠠᠨ ᠠᠪᠣᠷᠭᠤ ᠮᠤᠳᠤ ᠶᠢ ᠪᠢ ᠦᠪᠡᠷ ᠤᠨ ᠡᠷᠭᠡ ᠦᠭᠡᠶ ᠠᠯᠳᠠᠯᠠᠨ ᠳᠠᠪᠠᠷᠢᠪᠠ᠃ ᠬᠠᠪ ᠬᠠᠳᠠᠭᠤ ᠬᠠᠯᠢᠰᠤᠨ ᠳᠤ ᠨᠢ ᠬᠠᠴᠠᠷ ᠮᠢᠨᠢ ᠨᠠᠭᠠᠭᠳᠠᠬᠤ ᠶᠢᠨ ᠊ᠭ᠍ᠱᠡᠨ ᠳᠤ ᠵᠢᠷᠦᠭᠡ ᠰᠡᠳᠭᠢᠯ ᠨᠢᠭᠡᠯᠡ ᠣᠶᠠᠷᠠᠭᠠᠤᠨ ᠶᠠᠪᠣᠴᠢᠬᠠᠪᠠ᠃ ᠠᠮᠢ ᠨᠠᠰᠤᠨ ᠤ ᠨᠤᠭᠤᠭᠠᠨ ᠨᠤᠲ᠋ ᠲᠡᠶ ᠡᠨᠡ ᠰᠠᠢ᠌ᠬᠠᠨ ᠮᠤᠳᠤ ᠮᠢᠨᠤ ᠰᠡᠳᠬᠢᠯᠭᠡ ᠶᠢ ᠯᠠᠪᠳᠠᠢ ᠣᠢ᠌ᠯᠭᠠᠵᠤ ᠪᠠᠢ᠌ᠨ᠎ᠠ ᠭᠡᠵᠤ ᠪᠢ ᠪᠣᠳᠤᠳᠠᠭ᠃ ᠮᠦᠷᠤᠨ ᠳᠡᠭᠡᠨ ᠡᠷᠭᠦᠵᠤ ᠠᠯᠤᠰ ᠢ ᠬᠠᠷᠠᠭᠤᠯᠳᠠᠭ ᠳᠠᠷᠠ ᠡᠨᠡᠷᠢᠯ ᠶᠢᠡᠷ ᠶᠢᠡᠨ ᠮᠥᠩᠭᠦᠨ ᠰᠢᠷᠭᠡᠭ᠌ ᠬᠠᠶᠠ ᠬᠠᠷᠠᠭᠳᠠᠭᠰᠠᠨ ᠭᠡᠵᠢᠭᠡ ᠶᠢ ᠮᠢᠨᠢ ᠢᠯᠪᠢᠵᠤ ᠪᠠᠢ᠌ᠨ᠎ᠠ ᠭᠡᠵᠤ ᠪᠢ ᠪᠣᠳᠤᠳᠠᠭ᠃

ᠮᠤᠳᠤᠨ ᠳᠡᠭᠡᠷᠡᠭᠢ ᠠᠯᠠᠭ ᠰᠢᠪᠠᠭᠤ ᠳᠠᠭᠢᠭᠠᠤᠨ ᠵᠢᠷᠭᠢᠪᠠ᠃ ᠰᠢᠪᠠᠭᠤᠨ ᠳᠠᠭᠤ ᠪᠠᠷ ᠪᠢ ᠳᠡᠭᠡᠭ᠍ᠰᠢ ᠪᠠᠨ ᠥᠯᠡᠢ᠌ᠭᠦ ᠳᠤ ᠳᠤᠮᠤ ᠰᠠᠯᠠᠭ᠎ᠠ ᠨᠤᠭᠤᠳ ᠶᠢᠡᠷ ᠬᠤᠯᠪᠣᠵᠤ ᠣᠶᠠᠭᠰᠠᠨ ᠰᠢᠨᠡᠭᠡᠨ ᠳᠠᠷᠴᠠᠭ ᠨᠠᠪᠴᠢᠰ ᠤᠨ ᠳᠤᠮᠳᠠᠭᠤᠷ ᠥᠩᠭᠡ ᠢᠯᠭᠠᠷᠠᠨ ᠬᠠᠷᠠᠭᠳᠠᠵᠤ ᠪᠠᠢ᠌ᠨ᠎ᠠ᠃ ᠡᠨᠡ ᠰᠠᠢ᠌ᠬᠠᠨ ᠮᠤᠳᠤ ᠶᠢ ᠭᠡᠨ ᠨᠢᠭᠡᠨ ᠭᠦᠮᠤᠨ ᠣᠩᠭ᠋ᠤᠯᠠᠭᠠᠤᠨ ᠶᠠᠪᠣᠵᠠᠢ᠃ ᠨᠠᠳᠠ ᠶᠢ ᠣᠷᠢᠶᠠᠵᠤ ᠪᠠᠢ᠌ᠭᠰᠠᠨ ᠨᠢᠭᠡ ᠵᠣᠢ᠌ᠯ ᠤᠨ ᠭᠠᠭᠴᠠᠭᠠᠷᠳᠠᠮᠠᠯ ᠪᠣᠳᠤᠯ ᠳᠤᠤᠷ᠎ᠠ ᠪᠠᠨ ᠠᠯᠠᠭ᠎ᠠ ᠪᠣᠯᠵᠤ ᠣᠷᠭᠢᠯᠤᠮ᠎ᠠ ᠬᠠᠯᠠᠭᠤᠨ ᠰᠡᠳᠬᠢᠯᠭᠡ ᠪᠦᠭᠦ ᠪᠠᠶ᠎ᠠ ᠶᠢ ᠡᠵᠡᠮᠳᠡᠪᠡ᠃ ᠭᠠᠭᠴᠠᠬᠠᠨ ᠪᠢ ᠯᠠ ᠡ᠊ᠨᠳᠡ ᠢᠷᠠᠵᠤ ᠪᠠᠢ᠌ᠭ᠎ᠠ ᠪᠢᠰᠢ ᠶᠤᠮ ᠪᠠᠢ᠌ᠨ᠎ᠠ ᠁   ᠬᠤᠩᠭ᠋ᠤᠷ ᠨᠤᠳᠤᠭ ᠤᠨ ᠠᠷᠢᠭᠤᠨ ᠰᠤᠳᠠᠰᠤ ᠲᠡᠶ ᠦᠨᠳᠦᠰᠦ ᠨᠠᠢ᠌ᠯᠠᠨ ᠯᠤᠭᠰᠢᠭᠰᠠᠨ ᠡᠨᠡ ᠠᠪᠣᠷᠭᠤ ᠮᠤᠳᠤ ᠊᠊᠊᠊᠊᠊᠊᠊᠊᠊᠊᠊᠊᠊᠊ ᠡ᠊ᠨᠳᠡ ᠠᠵᠢᠯᠯᠠᠵᠤ ᠰᠤᠷᠤᠯᠴᠠᠭᠰᠠᠨ ᠭᠦᠮᠤᠨ ᠪᠣᠯᠭᠠᠨ ᠤ ᠬᠠᠢ᠌ᠷ᠎ᠠ ᠮᠦᠷᠦᠭᠡᠳᠦᠯ ᠳᠤ ᠦᠨᠳᠦᠰᠦᠯᠠᠵᠤ ᠠᠯᠤᠰ ᠤᠨ ᠠᠯᠤᠰ ᠡᠴᠡ ᠵᠡᠭᠦᠳᠤᠨ ᠪᠠᠷ᠎ᠠ ᠪᠠᠨ ᠦᠭ‍ᠭᠦᠨ ᠴᠡᠯᠡᠭᠡᠷᠡᠨ ᠴᠡᠯᠡᠭᠡᠷᠡᠨ ᠣᠷᠭᠤᠵᠤ ᠯᠠ ᠪᠠᠢ᠌ᠳᠠᠭ ᠠᠵᠢ᠃

ᠣᠯᠠᠪᠢᠷ ᠪᠦᠷᠦᠢ ᠢᠳᠡᠭ᠌ ᠢᠳᠡᠭ᠌ ᠶᠢᠡᠷ ᠰᠢᠩᠭᠡᠷᠡᠭᠦ ᠪᠠᠷ ᠨᠢ ᠪᠢ ᠨᠠᠮ ᠵᠢᠮ ᠢ ᠰᠡᠷᠭᠦᠭᠡᠨ ᠰᠤᠷᠭᠠᠭᠤᠯᠢ ᠶᠢᠨ ᠭᠦᠷᠢᠶᠡᠨ ᠳ᠋ᠠᠭᠢ ᠬᠤᠩᠬᠤ ᠶᠢ ᠭᠦᠩᠭᠡᠭᠡᠨ ᠴᠤᠭᠢᠯ᠎ᠠ᠃ ᠬᠤᠩᠬᠤᠨ ᠳᠠᠭᠤᠨ ᠬᠤᠩᠭ᠋ᠤᠷ ᠨᠤᠳᠤᠭ ᠤᠨ ᠠᠭᠤᠯᠠ ᠣᠰᠤᠨ ᠳᠤ ᠳᠤᠳᠤ ᠡᠴᠡ ᠳᠤᠳᠤ ᠰᠤᠨᠤᠰᠳᠠᠨ ᠬᠤᠯᠠ ᠶᠢᠨ ᠬᠤᠯᠠ ᠴᠤᠤᠷᠢᠶᠠᠳᠤᠨ᠎ᠠ᠁   ᠡᠨᠡ ᠳᠠᠭᠤᠨ ᠳᠤ ᠠᠩᠭᠢ ᠪᠣᠯᠭᠠᠨ ᠤ ᠡᠭᠦᠳᠡ ᠭᠡᠨᠡᠳᠲᠡ ᠨᠡᠭᠡᠭᠡᠭ᠍ᠳᠡᠨ ᠣᠯᠠᠨ ᠬᠡᠦᠬᠡᠳ ᠪᠠᠶᠠᠰᠤᠨ ᠭᠠᠷᠴᠤ ᠢᠷᠡᠭᠡᠳ ᠭᠦᠭᠡᠷᠡᠯᠳᠦᠵᠤ ᠪᠠᠢ᠌ᠬᠤ ᠰᠢᠭ᠌ ᠨᠢᠯᠪᠣᠰᠤ ᠲᠡᠶ ᠨᠢᠳᠤᠨ ᠳᠤ ᠭᠡᠢ ᠬᠠᠷᠠᠭᠳᠠᠨ᠎ᠠ᠃ ᠨᠢᠳᠤ ᠪᠠᠨ ᠵᠥᠯᠭᠦᠵᠤ ᠳᠠᠭᠢᠨ ᠬᠠᠷᠠᠯ᠎ᠠ᠂ ᠡᠭᠦᠳᠡ ᠪᠣᠯᠭᠠᠨ ᠪᠦᠷ ᠣᠨᠢᠰᠤ ᠲᠡᠶ᠃

ᠪᠢ ᠰᠠᠯᠵᠤ ᠶᠠᠳᠠᠭᠰᠠᠨ ᠰᠡᠳᠬᠢᠯᠭᠡ ᠪᠠᠷ ᠨᠠᠮ ᠨᠠᠮᠵᠢᠭᠤᠬᠠᠨ ᠠᠯᠬᠤᠯᠠᠭᠰᠠᠭᠠᠷ ᠰᠤᠷᠭᠠᠭᠤᠯᠢ ᠶᠢᠨ ᠭᠦᠷᠢᠶᠡᠨ ᠡᠴᠡ ᠭᠠᠷᠴᠤ ᠢᠷᠡᠭᠦ ᠳᠤ ᠠᠪᠣᠷᠭᠤ ᠮᠤᠳᠤ ᠭᠡᠳᠤᠨ ᠨᠠᠪᠴᠢᠰ ᠶᠢᠡᠨ ᠣᠨᠠᠭᠠᠵᠤ ᠨᠠᠮ᠎ᠠ ᠶᠢ ᠦᠳᠡᠪᠠ᠃ ᠮᠤᠳᠤ ᠮᠢᠨᠢ ᠴᠤ ᠣᠭᠢᠯᠠᠵᠤ ᠪᠠᠢ᠌ᠭ᠎ᠠ ᠪᠣᠯ ᠦᠦ ︖ ᠬᠤᠯᠠ ᠭᠠᠷᠤᠭᠠᠤᠨ ᠪᠢ ᠳᠠᠭᠢᠨ ᠡᠷᠭᠢᠵᠤ ᠬᠠᠷᠠᠯ᠎ᠠ᠂ ᠠᠪᠣᠷᠭᠤ ᠮᠤᠳᠤ ᠣᠷᠤᠨ ᠳᠠᠭᠠᠨ ᠵᠤᠭᠰᠤᠭᠠᠤᠨ ᠯᠠ ᠪᠦᠷᠦᠢ ᠶᠢᠨ ᠳᠤᠮᠳᠠ ᠨᠠᠳᠠ ᠶᠢ ᠳᠠᠯᠠᠯᠤᠵᠤ ᠪᠠᠢ᠌ᠬᠤ ᠰᠢᠭ᠌ ᠣᠯᠠᠮ ᠡᠭᠡᠯᠢᠳᠡᠢ ᠬᠠᠷᠠᠭᠳᠠᠨ᠎ᠠ᠃


                        2010 ᠣᠨ ᠤ ᠨᠠᠮᠤᠷ᠂ ᠬᠤᠩᠭ᠋ᠤᠷ ᠨᠤᠳᠤᠭ ᠲᠤ ᠪᠢᠴᠢᠪᠠᠢ᠃


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6175
ᠴᠠᠭ᠄ 2011 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ