ᠨᠡᠪᠲᠡᠷᠡᠨ ᠤᠷᠤᠬᠤ
ᠰᠢᠪᠠᠷᠡᠭᠡ ᠪᠣᠷᠤᠭᠠᠨ

ᠭᠠᠳᠠᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠰᠢᠪᠠᠷᠡᠭᠡ ᠪᠣᠷᠤᠭᠠᠨ

ᠰᠢᠪᠠᠷ ᠰᠢᠪᠠᠷ᠁

ᠳᠤᠳᠤᠨ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠰᠡᠳᠭᠢᠯ ᠤᠨ ᠳᠠᠪᠠᠯᠭ᠎ᠠ

ᠣᠪᠣᠰ ᠣᠪᠣᠰ᠁

ᠳᠤᠰᠤᠯᠠᠩᠬᠠᠨ ᠣᠷᠤᠬᠤ ᠪᠣᠷᠤᠭᠠᠨ ᠤ

ᠳᠤᠰᠤᠯ ᠨᠢᠭᠡ ᠪᠦᠷᠢ ᠨᠢ

ᠬᠤᠪᠳᠤᠯ ᠵᠢᠷᠦᠭᠡᠨ ᠤ ᠮᠢᠨᠢ ᠡᠮᠵᠡᠭᠯᠡᠯ ᠪᠣᠯᠵᠤ

ᠵᠢᠮ ᠵᠢᠮ ᠬᠠᠳᠬᠤᠯᠠᠨ᠎ᠠ

ᠰᠢᠪᠠᠷᠡᠭ᠍ᠰᠡᠨ ᠪᠣᠷᠤᠭᠠᠨ ᠳᠠᠢ

ᠳᠠᠷᠠ ᠵᠢᠯ ᠤᠨ ᠵᠤᠨ

ᠰᠢᠨᠡᠭᠡᠨ ᠮᠠᠰᠢᠨ ᠳᠠᠭᠠᠨ ᠰᠢᠷᠭᠤᠮᠠᠭᠴᠠ

ᠰᠢᠷᠪᠢᠵᠤ ᠬᠠᠷᠠᠯ ᠦᠭᠡᠶ ᠳᠠᠪᠭᠢᠭᠤᠯᠵᠤ ᠣᠳᠤᠯ᠎ᠠ ᠳᠠ︕

ᠴᠢᠩ ᠦᠨᠡᠠᠴᠢ ᠰᠡᠳᠭᠢᠯ ᠶᠢᠡᠷ ᠶᠢᠡᠨ ᠪᠢ

ᠴᠢᠪ ᠴᠢᠮᠡᠭᠡ ᠦᠭᠡᠶ ᠭᠦᠯᠢᠶᠡᠵᠤ ᠰᠠᠭᠤᠯ᠎ᠠ

ᠭᠦᠰᠡᠵᠤ ᠮᠥᠷᠦᠭᠡᠳᠦᠭ᠍ᠰᠡᠨ ᠵᠢᠷᠦᠭᠡ ᠪᠣᠯᠭᠢᠯᠠᠨ

ᠭᠦᠯᠢᠶᠡᠯᠳᠡ ᠶᠢᠨ ᠴᠡᠭ᠌ ᠳᠡᠭᠡᠷ᠎ᠡ ᠡᠷᠭᠢᠴᠡᠭᠡᠳ

ᠰᠠᠨᠠᠭ᠎ᠠ ᠶᠢ ᠠᠷᠭᠠᠮᠵᠢᠭᠰᠠᠨ ᠬᠠᠢ᠌ᠷᠠᠳᠤ ᠮᠢᠨᠢ

ᠰᠠᠯᠭᠢ ᠳᠠᠳᠠᠭᠤᠯᠤᠨ ᠢᠷᠡᠳᠡᠭ᠌ ᠪᠣᠯᠤᠭᠠᠰᠠᠢ ᠭᠡᠵᠤ

ᠰᠠᠷᠠ ᠪᠠᠨ ᠰᠢᠩᠭᠡᠳᠡᠯ᠎ᠡ ᠭᠦᠯᠢᠶᠡᠯ᠎ᠡ

ᠳᠤᠭᠠᠷ ᠰᠢᠤᠳᠠᠠᠴᠢ ᠶᠢ ᠳᠤᠰᠤᠨ ᠭᠦᠶ‍ᠦᠵᠤ

ᠳᠤᠭᠳᠤᠢ ᠲᠡᠶ ᠵᠠᠭᠢᠳᠠᠯ ᠢ ᠴᠢᠨᠢ ᠳᠤᠰᠬᠤ ᠭᠡᠵᠤ

ᠳᠤᠵᠢ ᠭᠦᠯᠢᠶᠡᠯ᠎ᠡ ᠴᠢᠮ᠎ᠠ ᠶᠢ︕

ᠪᠣᠷᠤ ᠬᠤᠨᠤᠭ ᠢ ᠪᠣᠳᠤᠯ ᠤᠨ ᠥᠭᠡᠳᠡᠰᠤ ᠪᠠᠷ ᠵᠣᠢ᠌ᠵᠤ

ᠪᠣᠯᠪᠠᠷᠠᠢ ᠵᠢᠷᠦᠭᠡ ᠪᠠᠨ ᠪᠣᠳᠤᠭᠤ ᠠᠳᠠᠯᠢ ᠳᠣᠢ᠌ᠯᠠᠭᠤᠯᠵᠤ

ᠣᠭᠢᠯᠠᠨ ᠬᠠᠢ᠌ᠯᠤᠨ ᠭᠦᠯᠢᠶᠡᠯ᠎ᠡ ᠴᠢᠮ᠎ᠠ ᠶᠢ︕

ᠬᠠᠶᠠᠭᠠᠤᠨ ᠶᠠᠪᠣᠭᠰᠠᠨ ᠴᠢᠨᠤ ᠬᠣᠢ᠌ᠨ᠎ᠠ ᠡᠴᠠ

ᠬᠠᠷᠠᠭ᠎ᠠ ᠴᠢᠯᠠᠳᠠᠯ᠎ᠠ ᠪᠠᠨ ᠪᠠᠷᠠᠭᠠᠯᠠᠯ᠎ᠠ

ᠬᠠᠢ᠌ᠷ᠎ᠠ ᠪᠠᠷ ᠳᠤᠭᠯᠠᠭᠠᠮ ᠭᠢᠳᠡᠭ᠌ ᠴᠢᠮ᠎ᠠ ᠪᠠᠨ

ᠬᠠᠳᠠᠳᠤ ᠶᠢᠨ ᠬᠤᠧᠨ ᠶᠢ ᠰᠠᠳᠠᠷᠠᠳᠠᠯ᠎ᠠ ᠬᠠᠷᠠᠭᠠᠯᠠᠯ᠎ᠠ

ᠦᠨᠡᠠᠴᠢ ᠳᠤᠷᠠᠯᠠᠯ ᠴᠡᠴᠡᠭᠯᠡᠪᠠᠴᠤ

ᠦᠷ᠎ᠡ ᠵᠢᠮᠢᠰ ᠰᠠᠭᠤᠭᠰᠠᠨ ᠥᠭᠡᠢ

ᠣᠷᠠᠨ ᠬᠤᠩᠰᠢᠶᠠᠷ ᠤᠨ ᠠᠠᠳᠠᠭᠠᠢ ᠴᠢᠨᠢ

ᠣᠰᠤᠨ ᠳᠡᠭᠡᠷ᠎ᠡ ᠦᠷᠦᠮ᠎ᠡ ᠰᠠᠭᠤᠯᠭᠠᠵᠠᠢ

ᠬᠠᠨᠢ ᠶᠢᠨ ᠵᠠᠶᠠᠭ᠎ᠠ ᠦᠭᠡᠶ ᠴᠢᠮ᠎ᠠ ᠳ᠋ᠤ

ᠬᠠᠳᠠ ᠴᠢᠯᠠᠭᠤᠨ ᠤ ᠳᠠᠩᠭ᠋ᠠᠷᠢᠭ ᠭᠡᠷᠡᠭ᠌ ᠥᠭᠡᠢ

ᠭᠠᠩᠰᠠᠷᠠᠯ ᠤᠨ ᠵᠡᠭᠦᠳᠤᠨ ᠤ ᠵᠡᠷᠭᠡᠯᠭᠡ ᠶᠢ

ᠭᠠᠵᠠᠷ ᠤᠨ ᠭᠦᠷᠦᠰᠤᠨ ᠳᠤ ᠭᠦᠨ ᠳᠠᠷᠢᠴᠢᠬᠠᠶ᠎ᠠ

ᠭᠠᠩᠳᠤᠩ ᠮᠤᠳᠤ ᠣᠷᠭᠤᠬᠤ ᠦᠭᠡᠶ ᠴᠤ

ᠭᠠᠩᠭ᠋ᠠᠨ ᠳᠤᠷᠠᠳᠬᠠᠯ ᠴᠡᠴᠡᠭᠯᠡᠭᠦ ᠪᠣᠯᠤᠭᠠᠰᠠᠢ︕


2009 ᠣᠨ ᠤ ᠰᠢᠷᠭᠠᠯ ᠨᠠᠮᠤᠷ

ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ ᠬᠤᠰᠢᠭᠤᠨ ᠤ ᠬᠠᠠᠰᠦ᠋ᠮ᠎ᠡ ᠰᠤᠮᠤᠨ ᠤ ᠣᠷᠳᠤ ᠭᠦᠪ ᠭᠠᠴᠠᠭ᠎ᠠ

ᠵᠤᠬᠢᠶᠠᠭᠴᠢ᠄ ᠰᠠ᠊·ᠰᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ