☆ ᠪᠠᠢ ᠶᠥᠸᠠᠢ ᠮᠢᠩ
ᠨᠡᠭᠦᠷᠦᠰᠦᠳᠥᠷᠦᠭ᠍ᠴᠢ ᠶᠢᠨ ᠳᠠᠪᠬᠤᠷ ᠢᠰᠤᠯ ᠤᠨ ᠳᠤᠬᠠᠢ ᠵᠦᠪ ᠳᠠᠨᠢᠯᠳᠠ
CO2 ᠪᠢᠳᠠᠨ ᠲᠡᠶ ᠨᠠᠯᠢᠶᠠᠤᠨ ᠳᠠᠨᠢᠯ ᠳᠠᠰᠤᠯ ᠪᠣᠯᠪᠠᠴᠤ ᠰᠥᠪᠠᠭ᠍ᠴᠢᠯᠡᠯᠳᠡ᠂ ᠳᠤᠷᠰᠢᠯᠳᠠ ᠪᠠᠭ᠎ᠠ ᠪᠣᠶᠤ ᠶᠠᠷᠤ ᠳᠡᠭᠡᠨ ᠳᠠᠮᠠᠢ ᠠᠩᠬᠠᠷᠳᠠᠭ ᠦᠭᠡᠶ ᠡᠴᠡ ᠪᠣᠯᠤᠭᠠᠤᠨ ᠳᠡᠭᠦᠨ ᠤ ᠳᠤᠬᠠᠢ ᠵᠤᠭᠢᠬᠤ ᠭᠡᠮᠵᠢᠶᠡᠨ ᠤ ᠪᠣᠷᠤᠭᠤ ᠳᠠᠨᠢᠯᠳᠠ ᠣᠷᠤᠰᠢᠭᠰᠠᠭᠠᠷ ᠪᠠᠢ᠌ᠨ᠎ᠠ᠃
ᠨᠢᠭᠡ᠂ CO2 ᠨᠢ ᠰᠢᠳᠠᠯᠳᠠ ᠶᠢ ᠲᠡᠳᠬᠦᠭᠦ ᠥᠭᠡᠢ ᠲ᠋ᠦᠯᠡ ᠶᠠᠮᠠᠷᠴᠤ ᠭᠠᠯ ᠢ ᠣᠠᠳᠠᠷᠠᠭᠠᠵᠤ ᠪᠣᠯᠬᠤ ᠭᠡᠵᠤ ᠥᠵᠡᠭᠦ ᠨᠢ ᠪᠣᠷᠤᠭᠤ᠃
CO2 ᠰᠢᠳᠠᠯᠳᠠ ᠶᠢ ᠲᠡᠳᠬᠦᠭᠦ ᠦᠭᠡᠶ᠂ ᠨᠢᠭᠳᠠᠴᠠ ᠨᠢ ᠠᠭᠠᠷ ᠤᠨ ᠭᠢ ᠡᠴᠡ ᠶᠡᠭᠡ ᠣᠴᠢᠷ ᠡᠴᠡ CO2 ᠊ᠢ ᠨᠤᠴᠤᠵᠤ ᠪᠠᠢ᠌ᠭ᠎ᠠ ᠪᠣᠳᠠᠰ ᠳᠡᠭᠡᠷ᠎ᠡ ᠪᠦᠷᠭᠦᠪᠠᠯ ᠨᠤᠴᠤᠵᠤ ᠪᠠᠢ᠌ᠭ᠎ᠠ ᠪᠣᠳᠠᠰ ᠢ ᠠᠭᠠᠷ ᠡᠴᠡ ᠳᠤᠰᠠᠭᠠᠷᠯᠠᠭᠠᠤᠨ ᠰᠢᠳᠠᠯᠳᠠ ᠶᠢ ᠵᠤᠭᠰᠤᠭᠠᠵᠤ᠂ ᠭᠠᠯ ᠢ ᠣᠠᠳᠠᠷᠠᠭᠠᠳᠠᠭ᠃ ᠭᠡᠳᠡᠯ᠎ᠡ CO2 ᠮᠠᠭᠨᠠᠢ᠂ ᠭᠦᠩᠭᠡᠡᠴᠡᠭᠡᠨ ᠮᠠᠳᠤ ᠢᠳᠠᠪᠭᠢ ᠳᠡᠮᠦᠷᠯᠢᠭ᠌ ᠤᠨ ᠰᠢᠳᠠᠯᠳᠠ ᠳᠤ ᠢᠳᠠᠪᠭᠢᠳᠠᠢ ᠣᠷᠪᠠᠯ ᠳᠤ ᠣᠷᠤᠯᠴᠠᠬᠤ ᠣᠴᠢᠷ ᠡᠴᠡ ᠮᠠᠭᠨᠠᠢ᠂ ᠭᠦᠩᠭᠡᠡᠴᠡᠭᠡᠨ ᠮᠠᠳᠤ ᠢᠳᠠᠪᠭᠢ ᠳᠡᠮᠦᠷᠯᠢᠭ᠌ ᠤᠨ ᠰᠢᠳᠠᠯᠳᠠ ᠡᠴᠡ ᠪᠣᠯᠤᠭᠰᠠᠨ ᠭᠠᠯ ᠢ CO2 ᠵᠢᠡᠷ ᠣᠠᠳᠠᠷᠠᠭᠠᠵᠤ ᠪᠣᠯᠬᠤ ᠦᠭᠡᠶ᠃
ᠬᠤᠶᠠᠷ᠂ CO2 ᠨᠢ ᠭᠦᠷᠢᠨ ᠥᠩᠭᠡᠳᠡᠢ ᠯᠠᠺᠮᠦᠰ ᠤᠨ ᠳᠤᠷᠰᠢᠬᠤ ᠰᠢᠩᠭᠡᠨ ᠢ ᠣᠯᠠᠭᠠᠨ ᠥᠩᠭᠡᠳᠡᠢ ᠪᠣᠯᠭᠠᠬᠤ ᠭᠡᠵᠤ ᠥᠵᠡᠭᠦ ᠨᠢ ᠪᠣᠷᠤᠭᠤ᠃
CO2 ᠊ᠢ ᠭᠦᠷᠢᠨ ᠥᠩᠭᠡᠳᠡᠢ ᠯᠠᠺᠮᠦᠰ ᠤᠨ ᠳᠤᠷᠰᠢᠬᠤ ᠰᠢᠩᠭᠡᠨ ᠳᠤ ᠨᠡᠪᠳᠡᠷᠡᠭᠦᠯᠪᠠᠯ ᠯᠠᠺᠮᠦᠰ ᠤᠨ ᠳᠤᠷᠰᠢᠬᠤ ᠰᠢᠩᠭᠡᠨ ᠣᠯᠠᠭᠠᠨ ᠥᠩᠭᠡᠳᠡᠢ ᠪᠣᠯᠵᠤ ᠬᠤᠪᠢᠷᠠᠨ᠎ᠠ᠃ ᠡᠨᠡ ᠨᠢ CO2 ᠊ᠢ ᠯᠠᠺᠮᠦᠰ ᠤᠨ ᠳᠤᠷᠰᠢᠬᠤ ᠰᠢᠩᠭᠡᠨ ᠳᠤ ᠨᠡᠪᠳᠡᠷᠡᠭᠦᠯᠦᠭ᠍ᠰᠡᠨ ᠤ ᠰᠡᠭᠦᠯᠡᠷ CO2 ᠊ᠤᠨ ᠭᠡᠰᠡᠭ᠌ ᠪᠦᠯᠦᠭ᠌ ᠨᠢ ᠣᠰᠤᠨ ᠳᠤ ᠠᠭᠤᠰᠤᠭᠠᠤᠨ ᠨᠡᠭᠦᠷᠡᠰᠦᠭᠦᠴᠢᠯ ᠪᠣᠯᠵᠤ᠂ ᠨᠡᠭᠦᠷᠡᠰᠦᠭᠦᠴᠢᠯ ᠢᠶᠤᠠᠵᠢᠬᠤ ᠳᠤ ᠡᠭᠦᠰᠦᠭ᠍ᠰᠡᠨ ᠤᠰᠦᠳᠥ᠋ᠷᠦᠭ᠍ᠴᠢ ᠢᠶᠤᠨ ᠨᠢ ᠯᠠᠺᠮᠦᠰ ᠤᠨ ᠳᠤᠷᠰᠢᠬᠤ ᠰᠢᠩᠭᠡᠨ ᠢ ᠣᠯᠠᠭᠠᠨ ᠥᠩᠭᠡᠳᠡᠢ ᠪᠣᠯᠭᠠᠵᠠᠢ᠃ ᠬᠠᠷᠢᠨ CO2 ᠊ᠤᠨ ᠭᠡᠢ ᠪᠠᠶ᠎ᠡ ᠨᠢ ᠣᠯᠠᠭᠠᠨ ᠥᠩᠭᠡᠳᠡᠢ ᠪᠣᠯᠭᠠᠭᠰᠠᠨ ᠪᠢᠰᠢ᠃ ᠵᠢᠱᠢᠶᠠᠯᠠᠪᠠᠯ CO2 ᠨᠢ ᠬᠠᠭᠤᠷᠠᠢ ᠯᠠᠺᠮᠦᠰ ᠤᠨ ᠳᠤᠷᠰᠢᠬᠤ ᠴᠠᠭᠠᠰᠤ ᠶᠢ ᠣᠯᠠᠭᠠᠨ ᠥᠩᠭᠡᠳᠡᠢ ᠪᠣᠯᠭᠠᠵᠤ ᠴᠢᠳᠠᠬᠤ ᠦᠭᠡᠶ᠂ ᠨᠤᠷᠭᠠᠠᠰᠠᠨ ᠯᠠᠺᠮᠦᠰ ᠤᠨ ᠳᠤᠷᠰᠢᠬᠤ ᠴᠠᠭᠠᠰᠤ ᠶᠢ ᠣᠯᠠᠭᠠᠨ ᠥᠩᠭᠡᠳᠡᠢ ᠪᠣᠯᠭᠠᠵᠤ ᠴᠢᠳᠠᠨ᠎ᠠ᠃
ᠭᠤᠷᠪᠠ᠂ ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠬᠤ ᠭᠡᠢ ᠨᠢ ᠯᠠᠪᠳᠠᠢ CO 2 ᠭᠡᠵᠤ ᠥᠵᠡᠭᠦ ᠨᠢ ᠪᠣᠷᠤᠭᠤ᠃
CO2 ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠵᠤ ᠴᠢᠳᠠᠨ᠎ᠠ᠃ ᠭᠡᠪᠠᠴᠤ ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠬᠤ ᠭᠡᠢ ᠪᠠᠶ᠎ᠠ ᠵᠥᠪᠭᠡᠨ CO2 ᠪᠢᠰᠢ᠂ CO2 ᠊ᠤᠨ ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠬᠤ ᠨᠢ ᠥᠷᠭᠦᠯᠵᠢ ᠲᠤᠬᠢᠶᠠᠯᠳᠤᠳᠠᠭ ᠥᠵᠡᠭ᠍ᠳᠡᠯ ᠳᠠᠳᠤᠢ᠃ SO2 ᠮᠠᠳᠤ ᠶᠢᠨ ᠭᠡᠢ ᠪᠠᠶ᠎ᠠ ᠮᠦᠨᠴᠤ ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠳᠠᠭ᠃ ᠳᠤᠩᠭ᠋ᠠᠭᠰᠠᠨ ᠴᠤᠬᠤᠢ ᠶᠢᠨ ᠣᠰᠤ ᠶᠢ ᠪᠣᠯᠠᠩᠭᠢᠷᠳᠤᠭᠤᠯᠭᠰᠠᠨ ᠭᠡᠢ ᠨᠢ CO2 ᠮᠦᠨ ᠡᠰᠡᠭᠦ ᠶᠢ ᠪᠣᠳᠠᠳᠠᠢ ᠪᠠᠢ᠌ᠳᠠᠯ ᠶᠢᠡᠨ ᠦᠨᠳᠦᠰᠦᠯᠠᠨ ᠳᠤᠭᠳᠠᠭᠠᠨ᠎ᠠ᠃
ᠳᠦᠷᠪᠡ᠂ ᠨᠤᠴᠤᠵᠤ ᠪᠠᠢ᠌ᠭ᠎ᠠ ᠮᠤᠳᠤᠨ ᠴᠤᠭᠤᠳᠠᠰᠤ ᠶᠢ ᠣᠠᠳᠠᠷᠠᠭᠠᠬᠤ ᠭᠡᠢ ᠪᠣᠯ ᠯᠠᠪᠳᠠᠢ CO2 ᠭᠡᠵᠤ ᠥᠵᠡᠭᠦ ᠨᠢ ᠪᠣᠷᠤᠭᠤ᠃
CO2 ᠰᠢᠳᠠᠬᠤ ᠦᠭᠡᠶ ᠮᠥᠷᠳᠡᠭᠡᠨ ᠰᠢᠳᠠᠯᠳᠠ ᠶᠢ ᠲᠡᠳᠬᠦᠭᠦ ᠦᠭᠡᠶ ᠡᠴᠡ ᠨᠤᠴᠤᠵᠤ ᠪᠠᠢ᠌ᠭ᠎ᠠ ᠮᠤᠳᠤᠨ ᠴᠤᠭᠤᠳᠠᠰᠤ ᠶᠢ ᠣᠠᠳᠠᠷᠠᠭᠠᠵᠤ ᠴᠢᠳᠠᠨ᠎ᠠ᠃ ᠨᠤᠴᠤᠵᠤ ᠪᠠᠢ᠌ᠭ᠎ᠠ ᠮᠤᠳᠤᠨ ᠴᠤᠭᠤᠳᠠᠰᠤ ᠶᠢ ᠣᠠᠳᠠᠷᠠᠭᠠᠵᠤ ᠴᠢᠳᠠᠬᠤ ᠭᠡᠢ ᠪᠣᠯ ᠯᠠᠪᠳᠠᠢ CO2 ᠭᠡᠵᠤ ᠮᠠᠭᠠᠤᠠᠯᠠᠵᠤ ᠪᠣᠯᠬᠤ ᠦᠭᠡᠶ᠂ N2 ᠪᠠᠰᠠ ᠰᠢᠳᠠᠬᠤ ᠦᠭᠡᠶ ᠮᠥᠷᠳᠡᠭᠡᠨ ᠰᠢᠳᠠᠯᠳᠠ ᠶᠢ ᠳᠡᠳᠭᠦᠭᠦ ᠦᠭᠡᠶ᠂ N2 ᠪᠠᠰᠠ ᠪᠠᠢ᠌ᠵᠤ ᠮᠠᠳᠠᠨ᠎ᠠ᠃
ᠳᠠᠪᠣ᠂ CO2 ᠬᠤᠤᠷ ᠲᠡᠶ ᠭᠡᠵᠤ ᠥᠵᠡᠭᠦ ᠨᠢ ᠪᠣᠷᠤᠭᠤ᠃
ᠶᠠᠷᠤ ᠳᠡᠭᠡᠨ ᠠᠭᠠᠷ ᠳᠠᠭᠢ CO2 ᠨᠢ ᠪᠠᠷᠤᠭ ᠠᠭᠠᠷ ᠤᠨ ᠪᠦᠭᠦ ᠡᠵᠡᠯᠡᠭᠦᠨ ᠤ 0.03% ᠵᠢ ᠡᠵᠡᠯᠡᠨ᠎ᠡ᠃ ᠠᠭᠠᠷ ᠳᠠᠭᠢ CO2 ᠊ᠤᠨ ᠡᠵᠡᠯᠡᠭᠦᠨ ᠤ ᠬᠤᠪᠢ ᠳᠤᠭ᠎ᠠ ᠨᠢ 1% ᠪᠣᠯᠬᠤ ᠦᠶ᠎ᠡ ᠳᠤ ᠭᠦᠮᠤᠨ ᠬᠤᠤᠷᠳᠠᠭᠳᠠᠨ᠎ᠠ᠂ 4% ᠊᠊᠊᠊᠊᠊᠊᠊᠊᠊᠊᠊᠊᠊᠊ 5% ᠪᠣᠯᠬᠤ ᠦᠶ᠎ᠡ ᠳᠤ ᠭᠦᠮᠤᠨ ᠠᠮᠢᠰᠬᠤᠭ᠎ᠠ ᠳᠠᠪᠬᠤᠴᠠᠵᠤ᠂ ᠳᠤᠯᠤᠭᠠᠢ ᠡᠪᠡᠳᠭᠦ ᠪᠠ ᠳᠤᠯᠤᠭᠠᠢ ᠡᠷᠭᠢᠭᠦ᠂ 10% ᠪᠣᠯᠬᠤ ᠦᠶ᠎ᠡ ᠳᠤ ᠣᠬᠠᠭᠠᠨ ᠰᠡᠭᠡᠭᠡ ᠠᠯᠳᠠᠨ᠂ ᠠᠮᠢᠰᠬᠤᠭ᠎ᠠ ᠣᠯᠠᠮ ᠶᠢᠡᠷ ᠵᠤᠭᠰᠤᠵᠤ ᠴᠢᠨᠠᠭᠰᠢᠯᠠᠪᠠᠯ ᠥᠭᠦᠳᠡᠭ᠌ ᠪᠣᠯᠪᠠᠴᠤ CO2 ᠨᠢ ᠭᠦᠮᠤᠨ ᠤ ᠪᠠᠶ᠎ᠠ ᠳᠤ ᠣᠷᠤᠭᠰᠠᠨ ᠤ ᠰᠡᠭᠦᠯᠡᠷ ᠭᠦᠮᠤᠨ ᠤ ᠪᠠᠶ᠎ᠠ ᠲᠡᠶ ᠭᠢᠮᠢ ᠶᠢᠨ ᠣᠷᠪᠠᠯ ᠡᠭᠦᠰᠭᠡᠭᠦ ᠦᠭᠡᠶ ᠮᠥᠷᠳᠡᠭᠡᠨ ᠪᠠᠶ᠎ᠠ ᠳᠤᠳᠤᠷᠠᠭᠢ ᠨᠡᠭᠡᠳᠡᠰᠤ ᠪᠠ ᠹᠢᠽᠢᠤᠯᠤᠭᠢ ᠶᠢᠨ ᠠᠵᠢᠯᠯᠠᠭ᠎ᠠ ᠶᠢ ᠡᠪᠳᠡᠳᠡᠭ᠌ ᠦᠭᠡᠶ ᠡᠴᠡ CO2 ᠨᠢ ᠬᠤᠤᠷ ᠲᠡᠶ ᠭᠡᠢ ᠪᠠᠶ᠎ᠠ ᠪᠢᠰᠢ᠃
ᠵᠢᠷᠭᠤᠭ᠎ᠠ᠂ CO2 ᠊ᠢ ᠠᠰᠢᠭ ᠦᠭᠡᠶ ᠭᠡᠢ ᠭᠡᠵᠤ ᠥᠵᠡᠭᠦ ᠨᠢ ᠪᠣᠷᠤᠭᠤ᠃
CO2 ᠨᠢ ᠭᠡᠳᠥᠢᠪᠠᠷ ᠭᠦᠯᠡᠮᠵᠢ ᠥᠢᠯᠡᠴᠢᠯᠡᠯᠭᠡ ᠡᠭᠦᠰᠭᠡᠳᠡᠭ᠌ ᠪᠣᠯᠪᠠᠴᠤ ᠠᠰᠢᠭ ᠦᠭᠡᠶ ᠭᠡᠢ ᠪᠠᠶ᠎ᠠ ᠪᠢᠰᠢ᠃ ᠨᠡᠭᠦᠷᠡᠰᠦᠳᠥᠷᠦᠭ᠍ᠴᠢ ᠠᠵᠤ ᠣᠢ᠌ᠯᠠᠤᠠᠪᠣᠷᠠᠢ᠂ ᠳᠡᠷᠢᠶᠡᠯᠡᠭ᠌ ᠣᠢ᠌ᠯᠠᠤᠠᠪᠣᠷᠢᠯᠠᠯ ᠳᠤ ᠥᠷᠭᠡᠨ ᠶᠢᠡᠷ ᠭᠡᠷᠡᠭᠡᠯᠡᠭ᠍ᠳᠡᠵᠤ ᠪᠣᠢ᠃ ᠵᠢᠱᠢᠶᠠᠯᠠᠪᠠᠯ CO2 ᠵᠢᠡᠷ ᠳᠦᠭᠦᠭᠡᠢ ᠡᠳ᠋ ᠪᠣᠯᠭᠠᠵᠤ ᠬᠤᠵᠢᠷ᠂ ᠰᠢᠭᠡᠰᠦᠯᠢᠭ᠌ ᠡᠳ᠋᠂ ᠴᠢᠱᠦᠢ ᠵᠡᠷᠭᠡ ᠶᠢ ᠣᠢ᠌ᠯᠠᠤᠠᠴᠤ᠂ ᠭᠠᠯ ᠣᠠᠳᠠᠷᠠᠭᠠᠬᠤ᠂ ᠭᠦᠯᠡᠮᠵᠢ ᠶᠢᠨ ᠪᠣᠷᠳᠤᠭᠤᠷ ᠪᠣᠯᠭᠠᠬᠤ᠂ ᠬᠠᠭᠤᠷᠠᠢ ᠮᠦᠰᠤ ᠪᠠᠷ ᠭᠦᠯᠳᠡᠭᠡᠭ᠍ᠴᠢ ᠡᠳ᠋ ᠪᠣᠯᠭᠠᠨ ᠠᠮᠠᠷᠬᠠᠨ ᠡᠪᠳᠡᠷᠡᠭᠦ ᠢᠳᠡᠭᠡᠨ ᠢ ᠬᠠᠳᠠᠭᠠᠯᠠᠬᠤ ᠪᠠ ᠭᠢᠮᠠᠯ ᠪᠣᠷᠤᠭᠠᠨ ᠣᠷᠤᠭᠤᠯᠬᠤ᠂ ᠺᠢᠨᠤ᠋ ᠵᠥᠴᠦᠭᠡ ᠳᠤ ᠵᠤᠬᠢᠶᠠᠮᠠᠯ ᠡᠭᠦᠯᠡ ᠮᠠᠨᠠᠨ ᠢ ᠪᠣᠢ ᠪᠣᠯᠭᠠᠬᠤ ᠵᠡᠷᠭᠡ ᠳᠤ ᠨᠠᠢ᠌ᠳᠠᠮ ᠭᠡᠷᠭᠡᠯᠡᠵᠤ ᠪᠣᠢ᠂ CO2 ᠥᠷᠭᠡᠨ ᠭᠡᠷᠡᠭ᠍ᠴᠡᠭᠡ ᠲᠡᠢ᠃
ᠳᠤᠯᠤᠭ᠎ᠠ᠂ CO2 ᠨᠢ ᠭᠦᠯᠡᠮᠵᠢ ᠥᠢᠯᠡᠴᠢᠯᠡᠯᠭᠡ ᠡᠭᠦᠰᠭᠡᠳᠡᠭ᠌ ᠡᠴᠡ ᠭᠡᠳᠦᠢ ᠪᠠᠭ᠎ᠠ ᠪᠣᠯ ᠳᠠᠳᠤᠢ ᠰᠠᠢ᠌ᠨ ᠭᠡᠵᠤ ᠥᠵᠡᠭᠦ ᠨᠢ ᠪᠣᠷᠤᠭᠤ᠃
CO2 ᠊ᠤᠨ ᠠᠭᠠᠷ ᠳᠠᠭᠢ ᠠᠭᠤᠯᠤᠭᠳᠠᠴᠠ ᠨᠢ ᠭᠡᠳᠤ ᠦᠨᠳᠦᠷ ᠡᠴᠡ ᠭᠦᠯᠡᠮᠵᠢ ᠶᠢᠨ ᠥᠢᠯᠡᠴᠢᠯᠡᠯᠭᠡ ᠡᠭᠦᠰᠭᠡᠳᠡᠭ᠌᠃ ᠭᠡᠳᠡᠯ᠎ᠡ CO2 ᠭᠡᠳᠦᠢ ᠪᠠᠭ᠎ᠠ ᠪᠣᠯ ᠳᠠᠳᠤᠢ ᠰᠠᠢ᠌ᠨ ᠪᠢᠰᠢ᠂ ᠨᠡᠭᠦᠷᠡᠰᠦᠳᠥᠷᠦᠭ᠍ᠴᠢ ᠶᠢᠨ ᠳᠠᠪᠬᠤᠷ ᠪᠣᠯ ᠭᠡᠷᠡᠯ ᠤᠨ ᠨᠡᠢ᠌ᠯᠡᠯᠭᠡ ᠶᠢᠨ ᠳᠦᠭᠦᠭᠡᠢ ᠡᠳ᠋ ᠤᠨ ᠨᠢᠭᠡ᠃ ᠨᠡᠭᠦᠷᠡᠰᠦᠳᠥᠷᠦᠭ᠍ᠴᠢ ᠶᠢᠨ ᠳᠠᠪᠬᠤᠷ ᠢᠰᠤᠯ ᠭᠡᠳᠦᠷᠭᠡᠢ ᠪᠠᠭ᠎ᠠ ᠪᠣᠯ ᠣᠷᠭᠤᠮᠠᠯ ᠤᠨ ᠭᠡᠷᠡᠯ ᠤᠨ ᠨᠡᠢ᠌ᠯᠡᠯᠭᠡ ᠶᠠᠪᠣᠭᠤᠯᠬᠤ ᠶᠢ ᠬᠠᠷᠰᠢᠯᠠᠵᠤ᠂ ᠳᠠᠷᠢᠮᠠᠯ ᠤᠨ ᠣᠷᠭᠤᠯᠳᠠ ᠶᠢ ᠨᠥᠯᠦᠭᠡᠯᠡᠨ᠂ ᠣᠨᠠᠯᠳᠠ ᠶᠢ ᠪᠠᠭᠤᠷᠠᠭᠤᠯᠤᠨ᠎ᠠ᠃
ᠨᠢ᠋ᠮᠠ᠂ CO2 ᠊ᠢ ᠣᠰᠤᠨ ᠳᠤ ᠠᠭᠤᠰᠬᠠᠨ ᠠᠷᠢᠯᠭᠠᠵᠤ ᠪᠣᠯᠬᠤ ᠭᠡᠵᠤ ᠥᠵᠡᠭᠦ ᠨᠢ ᠪᠣᠷᠤᠭᠤ᠃
CO2 ᠨᠢ ᠭᠡᠳᠥᠢᠪᠠᠷ ᠣᠰᠤᠨ ᠳᠤ ᠠᠭᠤᠰᠬᠤ ᠪᠣᠯᠪᠠᠴᠤ ᠨᠢᠭᠡ ᠡᠵᠡᠯᠡᠭᠦᠨ ᠣᠰᠤᠨ ᠳᠤ ᠵᠥᠪᠭᠡᠨ ᠨᠢᠭᠡ ᠡᠵᠡᠯᠡᠭᠦᠨ ᠨᠡᠭᠦᠷᠡᠰᠦᠳᠥᠷᠦᠭ᠍ᠴᠢ ᠶᠢᠨ ᠳᠠᠪᠬᠤᠷ ᠢᠰᠤᠯ ᠠᠭᠤᠰᠬᠤ ᠡᠴᠡ ᠠᠭᠤᠰᠬᠠᠬᠤ ᠭᠡᠮᠵᠢᠶ᠎ᠡ ᠨᠢ ᠭᠢᠵᠠᠭᠠᠷ ᠲᠡᠶ᠃ CO2 ᠊ᠤᠨ ᠣᠰᠤᠨ ᠳᠤ ᠠᠭᠤᠰᠤᠭᠠᠤᠨ ᠡᠭᠦᠰᠦᠭ᠍ᠰᠡᠨ ᠨᠡᠭᠦᠷᠡᠰᠦᠭᠦᠴᠢᠯ ᠳᠤᠭᠳᠠᠪᠣᠷᠠᠢ ᠦᠭᠡᠶ᠂ ᠡᠭᠦᠰᠭᠦ ᠶᠢᠨ ᠵᠡᠷᠭᠡᠪᠠᠷ ᠵᠠᠳᠠᠷᠠᠭᠠᠤᠨ ᠨᠡᠭᠦᠷᠡᠰᠦᠳᠥᠷᠦᠭ᠍ᠴᠢ ᠶᠢᠨ ᠳᠠᠪᠬᠤᠷ ᠢᠰᠤᠯ ᠪᠣᠯᠤᠨ ᠣᠰᠤ ᠪᠣᠯᠴᠢᠬᠠᠨ᠎ᠠ᠃ ᠶᠡᠷᠦᠳᠡᠭᠡᠨ ᠣᠰᠤᠮᠠᠭᠳᠤ ᠨᠠᠲ᠋ᠷᠢ ᠶᠢᠨ ᠠᠭᠤᠰᠤᠮᠠᠯ ᠪᠣᠶᠤ ᠣᠰᠤᠮᠠᠭᠳᠤ ᠺᠠᠯᠼ ᠤᠨ ᠠᠭᠤᠰᠤᠮᠠᠯ ᠳᠤ ᠨᠡᠪᠳᠡᠷᠡᠭᠦᠯᠤᠨ ᠠᠷᠢᠯᠭᠠᠳᠠᠭ᠃
ᠶᠢᠰᠤ᠂ ᠱᠠᠳᠤᠯᠠᠨ ᠳᠠᠯᠪᠢᠭᠰᠠᠨ ᠯᠠ ᠶᠢᠨ ᠳᠡᠭᠡᠷ᠎ᠡ ᠬᠠᠯᠠᠭᠠᠯᠳᠠ ᠶᠢᠨ ᠴᠤᠮᠤ ᠭᠦᠮᠦᠷᠢᠪᠠᠯ ᠳᠤᠤᠷ᠎ᠠ ᠡᠴᠡ ᠳᠡᠭᠡᠭ᠍ᠰᠢ ᠣᠠᠳᠠᠷᠠᠬᠤ ᠭᠡᠵᠤ ᠥᠵᠡᠭᠦ ᠨᠢ ᠪᠣᠷᠤᠭᠤ᠃
CO2 ᠨᠢ ᠠᠭᠠᠷ ᠡᠴᠡ ᠭᠦᠡᠳᠤ᠂ ᠰᠢᠳᠠᠬᠤ ᠦᠭᠡᠶ ᠮᠥᠷᠳᠡᠭᠡᠨ ᠰᠢᠳᠠᠯᠳᠠ ᠶᠢ ᠲᠡᠳᠬᠦᠭᠦ ᠦᠭᠡᠶ ᠡᠴᠡ ᠨᠡᠭᠦᠷᠡᠰᠦᠳᠥᠷᠦᠭ᠍ᠴᠢ ᠶᠢᠨ ᠳᠠᠪᠬᠤᠷ ᠢᠰᠤᠯ ᠢ ᠱᠠᠳᠤᠯᠠᠨ ᠳᠠᠯᠪᠢᠭᠰᠠᠨ ᠰᠠᠪᠠᠨ ᠳᠤ ᠴᠢᠤᠠᠬᠤᠨ ᠣᠷᠤᠭᠤᠯᠪᠠᠯ ᠳᠤᠤᠷ᠎ᠠ ᠳᠠᠪᠬᠤᠷᠭ᠎ᠠ ᠶᠢᠨ ᠯᠠ ᠣᠷᠢᠳᠠᠪᠠᠷ ᠣᠠᠳᠠᠷᠠᠵᠤ᠂ ᠳᠡᠭᠡᠷ᠎ᠡ ᠳᠠᠪᠬᠤᠷᠭ᠎ᠠ ᠶᠢᠨ ᠯᠠ ᠰᠡᠭᠦᠯᠡᠷ ᠣᠠᠳᠠᠷᠠᠨ᠎ᠠ᠃ ᠭᠡᠳᠡᠯ᠎ᠡ ᠱᠠᠳᠤᠯᠠᠨ ᠳᠠᠯᠪᠢᠭᠰᠠᠨ ᠯᠠ ᠶᠢᠨ ᠳᠡᠭᠡᠷ᠎ᠡ ᠰᠢᠯ ᠰᠠᠪᠠ ᠪᠣᠶᠤ ᠰᠦᠯᠢᠶᠤᠤ ᠰᠠᠪᠠ ᠶᠢ ᠭᠦᠮᠦᠷᠢᠪᠠᠯ ᠰᠢᠳᠠᠯᠳᠠ ᠶᠢᠨ ᠶᠠᠪᠣᠴᠠ ᠳᠤ ᠡᠭᠦᠰᠦᠭ᠍ᠰᠡᠨ ᠬᠠᠯᠠᠭᠤᠨ ᠨᠡᠭᠦᠷᠡᠰᠦᠳᠥᠷᠦᠭ᠍ᠴᠢ ᠶᠢᠨ ᠳᠠᠪᠬᠤᠷ ᠢᠰᠤᠯ ᠨᠢ ᠳᠡᠭᠡᠭ᠍ᠰᠢᠯᠡᠵᠤ ᠳᠡᠭᠡᠷ᠎ᠡ ᠲ᠋ᠠᠪᠬᠤᠷᠭᠠ ᠶᠢᠨ CO2 ᠊ᠤᠨ ᠢᠳᠡᠭᠡᠴᠡ ᠶᠡᠭᠡ ᠪᠣᠯᠬᠤ ᠡᠴᠡ ᠳᠡᠭᠡᠷ᠎ᠡ ᠳᠠᠪᠬᠤᠷᠭ᠎ᠠ ᠶᠢᠨ ᠯᠠ ᠣᠷᠢᠳᠠᠪᠠᠷ ᠣᠠᠳᠠᠷᠠᠵᠤ᠂ ᠳᠤᠤᠷ᠎ᠠ ᠳᠠᠪᠬᠤᠷᠭ᠎ᠠ ᠶᠢᠨ ᠯᠠ ᠰᠡᠭᠦᠯᠡᠷ ᠣᠠᠳᠠᠷᠠᠨ᠎ᠠ᠃
ᠪᠢᠳᠠ ᠠᠵᠢᠯᠯᠠᠵᠤ ᠰᠤᠷᠤᠯᠴᠠᠬᠤ ᠶᠠᠪᠣᠴᠠ ᠳᠤ ᠭᠦᠳᠡᠯᠦᠩᠭᠦᠢ ᠪᠠᠷ ᠰᠥᠪᠠᠭ᠍ᠴᠢᠯᠡᠭᠦ ᠶᠠᠪᠣᠴᠠ ᠶᠢ ᠪᠠᠶᠠᠴᠢᠯᠠᠨ ᠪᠠᠶᠡᠯᠡᠭᠦᠯᠵᠤ᠂ ᠮᠡᠳᠡᠯᠭᠡ ᠶᠢᠨ ᠪᠣᠢ ᠪᠣᠯᠬᠤ ᠪᠠ ᠬᠤᠯᠪᠣᠭᠳᠠᠯ ᠢ ᠭᠡᠷᠡᠭᠯᠡᠭᠦ ᠶᠠᠪᠣᠴᠠ ᠳᠤᠮᠳᠠ ᠰᠢᠡᠵᠢᠯᠡᠭᠦ ᠣᠬᠠᠭᠠᠠᠴᠢ ᠪᠠᠷ ᠰᠥᠪᠠᠭ᠍ᠴᠢᠯᠡᠭᠦ ᠴᠢᠳᠠᠪᠣᠷᠢ᠂ ᠥᠢᠯᠡᠳᠦᠯᠭᠡ ᠶᠢᠨ ᠴᠢᠳᠠᠪᠣᠷᠢ ᠪᠠ ᠰᠢᠨ᠎ᠠ ᠶᠢ ᠡᠭᠦᠦᠡᠭᠦ ᠴᠢᠳᠠᠪᠣᠷᠢ ᠪᠠᠨ ᠳᠠᠰᠤᠷᠠᠯᠳᠠ ᠦᠭᠡᠶ ᠳᠡᠭᠡᠭ᠍ᠰᠢᠯᠡᠭᠦᠯᠤᠨ᠂ ᠭᠡᠷᠡᠭ᠌ ᠪᠣᠳᠠᠰ ᠢ ᠥᠷᠦᠭᠡᠰᠦᠯ ᠶᠢᠡᠷ ᠪᠢᠰᠢ᠂ ᠪᠦᠭᠦ ᠳᠠᠯ᠎ᠠ ᠪᠠᠷ ᠵᠦᠪ ᠣᠨᠤᠪᠴᠢᠳᠠᠢ ᠳᠠᠨᠢᠵᠤ ᠠᠪᠣᠶ᠎ᠠ᠃
ᠨᠢ᠋ᠮᠠᠨ ᠬᠤᠰᠢᠭᠤᠨ ᠤ ᠬᠤᠩᠬᠤᠷᠳᠠᠯ᠎ᠠ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠠᠢ ᠶᠢᠨ ᠪᠠᠢ ᠶᠥᠸᠠᠢ ᠮᠢᠩ
2006 ᠣᠨ ᠤ 12 ᠰᠠᠷ᠎ᠠ ᠶᠢᠨ 4 ᠊ᠤ ᠡᠳᠦᠷ
ᠵᠤᠬᠢᠶᠠᠭᠴᠢ᠄ ᠪᠠᠢ ᠶᠥᠸᠠᠢ ᠮᠢᠩ
ᠢᠷᠡᠯᠲᠡ᠄ ᠠᠯᠳᠠᠷᠳᠤ
ᠬᠠᠷᠢᠶ᠎ᠠ᠄
ᠪᠠᠭᠰᠢ ᠶᠢᠨ ᠬᠠᠨᠢᠳᠠᠷᠤᠮ᠄ 4672
ᠴᠠᠭ᠄ 2007 ᠤᠨ ᠤ 04 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ