☆ ᠯᠢ ᠮᠢᠩ
ᠮᠤᠷᠢ
ᠠᠷᠪᠠᠨ ᠭᠤᠷᠪᠠᠳᠤᠭᠠᠷ ᠵᠠᠭᠤᠨ ᠡᠴᠡ ᠳᠡᠦᠭᠡ ᠠᠴᠢᠵᠤ
ᠠᠴᠢᠳᠤ ᠪᠣᠭᠳᠠ ᠴᠢᠩᠭᠢᠰ ᠤᠨ ᠪᠣᠳᠤᠯᠭ᠎ᠠ ᠳᠠᠪᠠᠷᠢᠨ
ᠠᠷᠰᠯᠠᠨ ᠭᠦᠴᠦᠳᠤ ᠮᠤᠩᠭ᠋ᠤᠯ ᠤᠨ ᠵᠤᠷᠢᠭ ᠰᠠᠢ᠌ᠪᠣᠷᠢᠯᠠᠵᠤ
ᠠᠯᠤᠰ ᠠᠶᠠᠨ ᠤ ᠵᠤᠭᠤᠭ ᠤᠨ ᠰᠤᠨᠤᠷ ᠣᠢ᠌ᠷᠠᠳᠤᠭᠤᠯᠵᠤ
ᠠᠭᠠᠷ ᠤᠨ ᠨᠠᠷᠠ ᠲᠡᠶ ᠣᠷᠤᠯᠳᠤᠨ ᠮᠤᠷᠢ ᠳᠤᠪᠳᠤᠯᠵᠤ ᠪᠠᠢ᠌ᠪᠠ᠃
ᠮᠤᠷᠢ
ᠾᠦᠩᠨᠦ ᠶᠢᠨ ᠣᠷᠭ᠎ᠠ ᠭᠦᠵᠦᠭᠦᠤ ᠶᠢ ᠨᠢ ᠪᠣᠭᠤᠮᠢᠯᠠᠬᠤ ᠦᠭᠡᠶ
ᠭᠦᠳᠡᠭᠡ ᠶᠢᠨ ᠠᠭᠤᠵᠢᠮ ᠭᠦᠯ ᠢ ᠨᠢ ᠳᠤᠱᠠᠬᠤ ᠦᠭᠡᠶ
ᠭᠦᠭᠡ ᠳᠤᠭ ᠡᠴᠡ ᠨᠠᠳᠬᠤᠵᠤ ᠥᠷᠭᠦᠭᠦᠭᠦ ᠦᠭᠡᠶ
ᠭᠦᠷᠡᠯ ᠵᠡᠪᠰᠡᠭ᠌ ᠡᠴᠡ ᠠᠶᠤᠨ ᠳᠠᠭᠵᠢᠬᠤ ᠦᠭᠡᠶ
ᠭᠡᠭᠡᠷ᠎ᠡ ᠶᠢᠨ ᠴᠢᠨ᠋ᠸ᠎ᠠ ᠳᠤ ᠰᠥᠷᠦᠭ᠌ ᠶᠢᠡᠨ ᠳᠠᠰᠤᠳᠠᠭᠤᠯᠬᠤ ᠦᠭᠡᠶ
ᠬᠠᠭᠢᠷ ᠰᠢᠭᠤᠷᠭᠠᠨ ᠳᠤ ᠰᠥᠷᠦᠭ᠌ ᠡᠴᠡ ᠣᠷᠭᠤᠬᠤ ᠦᠭᠡᠶ᠃
ᠴᠠᠭᠠᠨ ᠭᠡᠷᠡᠮ ᠬᠠᠰᠢᠵᠤ ᠭᠦᠴᠦᠷᠡᠭᠦ ᠦᠭᠡᠶ
ᠬᠠᠳᠤᠨ ᠭᠤᠤᠯ ᠤᠨ ᠦᠶᠡᠷ - ᠮᠤᠷᠢ
ᠴᠠᠪᠴᠢᠶᠠᠯ ᠪᠣᠭᠤᠮᠳᠠ ᠰᠠᠭᠢᠵᠤ ᠭᠦᠴᠦᠷᠡᠭᠦ ᠦᠭᠡᠶ
ᠵᠢᠭᠦᠷᠳᠤ ᠮᠤᠷᠢᠨ ᠤ ᠰᠢᠳᠢ ᠮᠤᠷᠢ
ᠳᠠᠢ᠌ᠨ ᠤ ᠳᠠᠯᠠᠪᠣᠷ ᠲᠤ ᠡᠵᠡᠨ ᠶᠢᠡᠨ ᠬᠠᠶᠠᠬᠤ ᠦᠭᠡᠶ
ᠳᠠᠢ᠌ᠴᠢᠨ ᠬᠠᠨᠢ ᠶᠢᠨ ᠵᠢᠷᠤᠮ ᠮᠤᠷᠢ
ᠳᠡᠯᠡᠭᠡᠢ ᠣᠷᠢᠶᠠᠳᠠᠯᠠ ᠳᠠᠭᠠᠷᠢ ᠭᠠᠷᠳᠠᠭ ᠦᠭᠡᠶ
ᠨᠢᠷᠤᠭᠤ ᠬᠠᠳᠠᠨ ᠴᠢᠨᠠᠷ - ᠮᠤᠷᠢ
ᠭᠡᠢ᠌ᠮᠦᠷᠢ ᠶᠢᠨ ᠭᠡᠰᠢᠭ᠌ ᠳᠠᠷᠴᠤᠭ ᠲᠡᠶ
ᠮᠤᠩᠭ᠋ᠤᠯ ᠤᠨ ᠥᠡᠳᠦᠷᠯᠢᠭ᠌ ᠣᠪᠣᠭ᠎ᠠ ᠮᠤᠷᠢ
ᠭᠢᠷ᠎ᠠ ᠳᠠᠯ᠎ᠠ ᠪᠠᠷ ᠰᠥᠷᠦᠭᠯᠡᠨ ᠰᠤᠷᠳᠤᠯᠵᠠᠬᠤ
ᠵᠡᠭᠡᠷ᠎ᠡ ᠶᠢᠨ ᠰᠥᠷᠦᠭ᠌ ᠰᠢᠤᠬᠠᠨ ᠮᠤᠷᠢ᠃
ᠮᠤᠷᠢ ᠮᠢᠨᠢ ᠭᠡᠵᠤ ᠪᠢᠷ ᠶᠢᠡᠨ ᠰᠣᠢ᠌ᠪᠠᠯ
ᠡᠷ᠎ᠡ ᠪᠠᠢ᠌ᠨ᠎ᠠ ᠭᠡᠵᠤ ᠴᠡᠭᠡᠵᠢ ᠭᠡᠳᠥᠢᠨ ᠳᠠᠨᠠᠢ᠌ᠨᠠ
ᠮᠤᠷᠢᠨ ᠨᠢᠷᠤᠭᠤᠨ ᠳᠤ ᠪᠢᠯᠢᠭ᠌ ᠭᠡᠳᠥᠢᠨ ᠳᠠᠪᠭᠢᠭᠠᠤᠨ
ᠰᠡᠳᠭᠢᠯ ᠡᠮᠦᠨ᠎ᠡ ᠨᠢ ᠳᠤᠪᠳᠤᠯᠵᠤ ᠪᠠᠢ᠌ᠨ᠎ᠠ
ᠮᠢᠨᠤ ᠠᠯᠳᠠᠨ ᠨᠤᠮ ᠤᠨ ᠣᠷᠤᠰᠤᠮ᠎ᠠ ᠳᠢᠭ᠌ ᠮᠤᠷᠢ
ᠮᠢᠨᠤ ᠠᠶᠠᠨ ᠵᠠᠮ ᠤᠨ ᠠᠠᠳᠠ ᠬᠠᠨᠢ ᠮᠤᠷᠢ
ᠮᠢᠨᠤ ᠠᠶᠠᠯᠠᠬᠤ ᠰᠢᠯᠦᠭ᠌ ᠤᠨ ᠠᠢ᠌ᠵᠠᠮ ᠭᠦᠭ᠌ ᠮᠤᠷᠢ
ᠮᠢᠨᠤ ᠠᠵᠢᠯ ᠠᠮᠢᠳᠤᠷᠠᠯ ᠤᠨ ᠠᠮᠢᠨ ᠰᠦᠨᠠᠰᠤ ᠮᠤᠷᠢ
ᠭᠡᠪᠳᠡᠭᠦ ᠶᠢᠨ ᠡᠷᠢᠨ ᠬᠠᠶᠠᠭᠠᠨ ᠳᠡᠭᠡᠷ᠎ᠡ ᠮᠤᠷᠢ ᠳᠤᠳᠤᠷᠠᠨ᠎ᠠ
ᠪᠣᠰᠬᠤ ᠶᠢᠨ ᠦᠶ᠎ᠡ ᠳᠤᠯᠢᠨ ᠳᠤᠳᠤᠷ᠎ᠠ ᠮᠤᠷᠢ ᠳᠤᠳᠤᠷᠠᠨ᠎ᠠ
ᠡᠷᠦᠭᠡ ᠪᠠᠨ ᠰᠡᠭᠦᠪᠠᠯ ᠣᠶᠠᠭᠠᠨ ᠳᠡᠭᠡᠷ᠎ᠡ ᠮᠤᠷᠢ ᠥᠣᠷᠰᠠᠨᠠ
ᠡᠭᠦᠳᠡ ᠶᠢ ᠡᠯᠭᠦᠪᠠᠯ ᠪᠠᠯᠴᠢᠭᠡᠷ ᠳᠡᠭᠡᠷ᠎ᠡ ᠮᠤᠷᠢᠳ ᠢᠠᠴᠠᠭᠠᠨ᠎ᠠ
ᠨᠠᠷᠠᠨ ᠭᠠᠷᠬᠤ ᠳᠤ ᠮᠤᠷᠢ ᠪᠠᠷ ᠳᠤᠪᠳᠤᠯᠪᠠᠯ ᠭᠦᠷᠴᠤ ᠴᠢᠳᠠᠨ᠎ᠠ
ᠨᠠᠷᠠᠨ ᠰᠢᠩᠭᠡᠭᠡᠭᠦ ᠳᠤ ᠮᠤᠷᠢ ᠪᠠᠷ ᠳᠤᠪᠳᠤᠯᠤᠭᠠᠤᠨ ᠡᠵᠡᠯᠡᠵᠤ ᠴᠢᠳᠠᠨ᠎ᠠ
ᠴᠢᠩᠭᠢᠰ ᠤᠨ ᠦᠶ᠎ᠡ ᠶᠢᠨ ᠳᠠᠢ᠌ᠨ ᠤ ᠪᠠᠭᠠᠳᠤᠷ ᠮᠤᠷᠢ
ᠴᠢᠩᠭᠢᠰ ᠡᠴᠡ ᠰᠡᠭᠦᠯᠴᠢ ᠪᠢᠯᠢᠭ᠌ ᠤᠨ ᠪᠠᠭᠠᠳᠤᠷ ᠮᠤᠷᠢ
ᠪᠢᠴᠢᠭ᠍ᠰᠡᠨ ᠪᠣᠰᠤᠭ᠎ᠠ ᠮᠤᠩᠭ᠋ᠤᠯ ᠥᠰᠦᠭ᠌ ᠮᠢᠨᠢ ᠮᠤᠷᠢ
ᠪᠣᠳᠤᠭᠰᠠᠨ ᠭᠠᠭᠴᠠ ᠮᠤᠩᠭ᠋ᠤᠯ ᠰᠢᠯᠦᠭ᠌ ᠴᠤ ᠮᠤᠷᠢ ᠡ᠃
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠯᠢ ᠮᠢᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ