☆ ᠽᠠᠠᠳᠠᠨ ᠡᠮᠭᠢᠳᠭᠡᠪᠡ
ᠮᠤᠩᠬᠠᠭ ᠭᠦᠮᠤᠨ ᠥᠭᠡ ᠰᠤᠷᠤᠭᠰᠠᠨ
ᠠᠮᠠᠨ ᠦᠯᠢᠭᠡᠷ
ᠡᠷᠳᠡ ᠣᠷᠢᠳᠤ ᠶᠢᠨ ᠴᠠᠭ ᠲᠤ ᠨᠢᠭᠡᠨ ᠠᠬ᠎ᠠ ᠳᠡᠭᠦᠤ ᠬᠤᠶᠠᠷ ᠪᠠᠢ᠌ᠭᠰᠠᠨ ᠭᠡᠨ᠎ᠡ᠃ ᠳᠡᠭᠦᠤ ᠨᠢ ᠣᠬᠠᠭᠠᠨ ᠨᠢ ᠳᠤᠳᠠᠭᠤ ᠳᠤᠯᠠ ᠠᠬ᠎ᠠ ᠨᠢ ᠄
《ᠥᠭᠡ ᠰᠤᠷᠤᠭᠠᠤᠨ ᠢᠷ᠎ᠠ ︕》 ᠭᠡᠵᠤ ᠳᠡᠭᠦᠤ ᠳᠡᠭᠡᠨ ᠠᠷᠪᠠᠨ ᠯᠠᠩ ᠮᠥᠩᠭᠦ ᠦᠭᠭᠦᠭᠡᠳ ᠶᠠᠪᠣᠭᠤᠯᠵᠠᠢ᠃
ᠳᠡᠭᠦᠤ ᠨᠢ ᠠᠷᠪᠠᠨ ᠯᠠᠩ ᠢ ᠨᠢ ᠠᠪᠣᠭᠠᠤᠨ ᠶᠠᠪᠣᠭᠰᠠᠭᠠᠷ ᠪᠠᠢ᠌ᠳᠠᠯ᠎ᠠ ᠬᠤᠶᠠᠷ ᠭᠦᠮᠤᠨ ᠤ ᠭᠡᠯᠡᠯᠴᠡᠭᠦ ᠰᠤᠨᠤᠰᠳᠠᠯ᠎ᠠ᠃ ᠨᠢᠭᠡ ᠨᠢ ᠄
《ᠪᠣᠳᠠᠨ ᠤ ᠢᠷᠤᠭᠠᠷ ᠪᠣᠮᠠ ᠲᠦᠮᠡᠨ ᠪᠣᠷᠤ ᠪᠢᠯᠵᠤᠤᠬᠠᠢ᠂ ᠭᠢᠷᠭᠤ ᠣᠷᠤᠭᠠᠤᠨ ᠢᠷᠡᠭ᠍ᠰᠡᠨ ᠴᠢᠨᠢ ᠨᠠᠮ ᠵᠢᠮ ᠡ︕》 ᠭᠡᠨ᠎ᠡ᠃
ᠡᠨᠡ ᠥᠭᠡ ᠳᠡᠭᠦᠨ ᠳᠤ ᠶᠡᠭᠡ ᠮᠡᠷᠭᠡᠨ ᠰᠠᠨᠠᠭᠳᠠᠵᠤ ᠄ 《ᠪᠢ ᠭᠤᠷᠪᠠᠨ ᠯᠠᠩ ᠮᠥᠩᠭᠦ ᠦᠭᠭᠦᠶ᠎ᠡ᠂ ᠡᠨᠡ ᠥᠭᠡ ᠪᠠᠨ ᠨᠠᠳᠠᠳᠤ ᠵᠢᠭᠠᠭᠠᠤᠨ ᠥᠭ᠌ ᠡ ︕》 ᠭᠡᠳ ᠵᠢᠭᠠᠯᠭᠠᠯᠠ᠃
ᠴᠢᠨᠠᠭᠰᠢ ᠪᠠᠨ ᠶᠠᠪᠣᠵᠤ ᠪᠠᠢ᠌ᠳᠠᠯ᠎ᠠ ᠪᠠᠰᠠ ᠬᠤᠶᠠᠷ ᠭᠦᠮᠤᠨ ᠤ ᠶᠠᠷᠢᠯᠴᠠᠬᠤ ᠰᠤᠨᠤᠰᠳᠠᠯ᠎ᠠ᠃ ᠨᠢᠭᠡ ᠨᠢ ᠄
《ᠳᠡᠭᠡᠭᠦᠷ ᠶᠢᠡᠨ ᠭᠢᠯᠠᠠᠴᠠᠭ᠂ ᠳᠤᠤᠭᠤᠷ ᠶᠢᠡᠨ ᠫᠠᠯᠠᠠᠴᠠᠭ》 ᠭᠡᠨ᠎ᠡ᠃ ᠡᠨᠡ ᠥᠭᠡ ᠳᠡᠭᠦᠨ ᠳᠤ ᠶᠡᠭᠡ ᠮᠡᠷᠭᠡᠨ ᠰᠠᠨᠠᠭᠳᠠᠭᠰᠠᠨ ᠳᠤᠯᠠ ᠄
《ᠡᠨᠡ ᠥᠭᠡ ᠪᠠᠨ ᠨᠠᠳᠠᠳᠤ ᠵᠢᠭᠠᠭᠠᠤᠨ ᠥᠭ᠌ ᠡ᠂ ᠭᠤᠷᠪᠠᠨ ᠯᠠᠩ ᠮᠥᠩᠭᠦ ᠦᠭᠭᠦᠶ᠎ᠡ ︕》 ᠭᠡᠳ ᠡᠨᠡ ᠥᠭᠡ ᠶᠢ ᠨᠢ ᠰᠤᠷᠤᠯ᠎ᠠ᠃
ᠪᠠᠰᠠ ᠴᠢᠨᠠᠭᠰᠢ ᠪᠠᠨ ᠶᠠᠪᠣᠵᠤ ᠪᠠᠢ᠌ᠳᠠᠯ᠎ᠠ ᠨᠢᠭᠡ ᠭᠦᠮᠤᠨ ᠡᠯᠵᠢᠭᠡ ᠳᠡᠷᠭᠡ ᠲᠡᠶ ᠪᠠᠨ ᠰᠢᠪᠠᠷᠳᠠᠭᠤᠯᠴᠢᠬᠠᠭᠠᠤᠨ ᠄
《ᠭᠦᠭ᠍ᠰᠢᠨ ᠡᠯᠵᠢᠭᠡ ᠯᠤᠤ ᠯᠧ ᠳ᠋ᠤᠤ᠂ ᠱᠦ᠋ ᠱᠨ᠂ ᠳ᠋ᠠᠷ ᠳ᠋ᠠᠭ ︕》 ᠭᠡᠵᠤ ᠪᠠᠢ᠌ᠬᠤ ᠲᠡᠶ ᠳᠠᠭᠠᠷᠠᠯᠳᠤᠯ᠎ᠠ᠃ ᠡᠨᠡ ᠥᠭᠡ ᠶᠡᠭᠡ ᠢᠳᠠᠳᠠᠢ ᠰᠠᠨᠠᠭᠳᠠᠭᠰᠠᠨ ᠳᠤᠯᠠ ᠄
《ᠨᠢᠭᠡ ᠯᠠᠩ ᠦᠭᠭᠦᠶ᠎ᠡ᠂ ᠡᠨᠡ ᠥᠭᠡ ᠪᠠᠨ ᠵᠢᠭᠠᠭᠠᠤᠨ ᠥᠭ᠌ ᠡ ︕》 ᠭᠡᠳ ᠡᠯᠵᠢᠭᠡ ᠳᠡᠷᠭᠡ ᠶᠢ ᠨᠢ ᠬᠠᠪᠰᠤᠷᠴᠤ ᠰᠢᠪᠠᠷ ᠡᠴᠡ ᠭᠠᠷᠭᠠᠵᠤ ᠦᠭᠭᠦᠭᠡᠳ ᠡᠨᠡ ᠥᠭᠡ ᠶᠢ ᠨᠢ ᠰᠤᠷᠤᠯ᠎ᠠ᠃
ᠪᠠᠰᠠ ᠴᠢᠨᠠᠭᠰᠢ ᠪᠠᠨ ᠶᠠᠪᠣᠳᠠᠯ᠎ᠠ ᠬᠤᠶᠠᠷ ᠭᠦᠮᠤᠨ ᠭᠡᠷᠡᠯᠳᠡᠵᠤ ᠪᠠᠢ᠌ᠬᠤ ᠲᠡᠶ ᠳᠠᠭᠠᠷᠠᠯᠳᠤᠪᠠ᠃ ᠨᠢᠭᠡ ᠨᠢ ᠄
《ᠭᠠᠩ ᠳᠦᠷᠦᠭᠡ ᠶᠢ ᠳᠠᠰᠤᠷᠠᠳᠠᠯ᠎ᠠ ᠵᠠᠭᠠᠯᠳᠤᠶ᠎ᠠ᠂ ᠭᠠᠯᠠᠪ ᠳᠡᠯᠡᠭᠡᠢ ᠶᠢ ᠶᠡᠭᠦᠷᠡᠳᠡᠯ᠎ᠡ ᠵᠠᠭᠠᠯᠳᠤᠶ᠎ᠠ ︕》 ᠭᠡᠵᠤ ᠪᠠᠢ᠌ᠬᠤ ᠶᠢ ᠨᠢ ᠰᠤᠨᠤᠰᠤᠭᠠᠤᠨ ᠡᠨᠡ ᠥᠭᠡ ᠶᠡᠭᠡ ᠮᠡᠷᠭᠡᠨ ᠰᠠᠨᠠᠭᠳᠠᠵᠤ ᠄
《ᠭᠤᠷᠪᠠᠨ ᠯᠠᠩ ᠮᠥᠩᠭᠦ ᠦᠭᠭᠦᠶ᠎ᠡ᠂ ᠡᠨᠡ ᠥᠭᠡ ᠪᠠᠨ ᠵᠢᠭᠠᠭᠠᠤᠨ ᠥᠭ᠌ ᠡ ︕》 ᠭᠡᠭ᠍ᠰᠡᠭᠡᠷ ᠡᠨᠡ ᠥᠭᠡ ᠶᠢ ᠨᠢ ᠵᠢᠭᠠᠯᠭᠠᠵᠤ ᠠᠪᠣᠪᠠ᠃
ᠢᠩᠭᠢᠵᠤ ᠶᠠᠪᠣᠭᠰᠠᠭᠠᠷ ᠨᠢᠭᠡ ᠬᠤᠷᠢᠮ ᠤᠨ ᠭᠠᠵᠠᠷ ᠭᠦᠷᠦᠭ᠍ᠰᠡᠨ ᠳᠤ ᠶᠡᠭᠡ ᠣᠯᠠᠨ ᠭᠦᠮᠤᠨ ᠪᠠᠢ᠌ᠯ᠎ᠠ᠃ ᠳᠠᠷᠠ ᠶᠡᠭᠡ ᠯᠠ ᠯᠠᠷᠵᠢᠶ᠎ᠠ ᠰᠤᠷᠳᠤᠭᠤ ᠲᠡᠶ ᠳᠦᠷᠪᠠᠯᠵᠢᠯᠠᠨ ᠠᠯᠬᠤᠵᠤ ᠄
《ᠪᠣᠳᠠᠨ ᠤ ᠢᠷᠤᠭᠠᠷ ᠪᠣᠮᠠ ᠲᠦᠮᠡᠨ ᠪᠣᠷᠤ ᠪᠢᠯᠵᠤᠤᠬᠠᠢ᠂ ᠭᠢᠷᠠᠭᠤ ᠣᠷᠤᠭᠠᠤᠨ ᠢᠷᠡᠭ᠍ᠰᠡᠨ ᠴᠢᠨᠢ ᠨᠠᠮ ᠵᠢᠮ ᠡ︕》 ᠭᠡᠰᠡᠨ ᠳᠤ ᠭᠦᠮᠦᠰ ᠄
《ᠡᠨᠡ ᠶᠡᠭᠡ ᠰᠠᠴᠠᠨ ᠮᠡᠷᠭᠡᠨ ᠭᠦᠮᠤᠨ ᠪᠠᠢ᠌ᠨ᠎ᠠ》 ᠭᠡᠯᠴᠡᠨ 《ᠵᠤᠴᠢᠨ ᠢ ᠳᠤᠳᠤᠭᠰᠢ ᠪᠠᠨ ᠵᠠᠯᠠᠶ᠎ᠠ ︕》 ᠭᠡᠳ ᠭᠡᠷ ᠲᠤ ᠵᠠᠯᠠᠭᠠᠤᠨ ᠠᠪᠣᠭᠠᠤᠨ ᠣᠷᠤᠵᠠᠢ᠃ ᠡᠨᠡ ᠦᠶ᠎ᠡ ᠳᠤ ᠨᠢᠭᠡᠨ ᠶᠡᠭᠡ ᠶᠠᠭᠤᠮᠠᠨ ᠳᠤ ᠳᠤᠷᠠᠳᠠᠢ ᠪᠦᠰᠡᠭᠦᠢ ᠶᠠᠭᠤᠨ ᠤ ᠭᠦᠮᠤᠨ ᠪᠣᠯᠪᠠ ︖ ᠭᠡᠳ ᠣᠷᠤᠵᠤ ᠥᠵᠡᠭ᠍ᠰᠡᠨ ᠳᠤ ᠳᠠᠷᠠ ᠄
《ᠳᠡᠭᠡᠭᠦᠷ ᠶᠢᠡᠨ ᠭᠢᠯᠠᠠᠴᠠᠭ᠂ ᠳᠤᠤᠭᠤᠷ ᠶᠢᠡᠨ ᠫᠠᠯᠠᠠᠴᠠᠭ》 ᠭᠡᠵᠡᠢ᠃ ᠳᠠᠷᠠ ᠪᠦᠰᠡᠭᠦᠢ ᠴᠤ ᠥᠨᠡᠭᠡᠷ ᠳᠡᠭᠡᠭᠦᠷ ᠶᠢᠡᠨ ᠳᠤᠷᠭᠤᠨ ᠳᠠᠪᠠᠯ ᠡᠮᠦᠰᠴᠤ᠂ ᠳᠤᠤᠭᠤᠷ ᠶᠢᠡᠨ ᠬᠠᠭᠵᠠᠷᠬᠠᠢ ᠭᠤᠳᠤᠯ ᠡᠮᠦᠰᠦᠭ᠍ᠰᠡᠨ ᠳᠤᠯᠠ ᠭᠡᠯᠡᠭ᠍ᠳᠡᠭ᠍ᠰᠡᠨ ᠳᠡᠭᠡᠨ ᠶᠡᠭᠡᠯ᠎ᠡ ᠢᠴᠢᠩᠭᠦᠷᠡᠨ ᠰᠠᠠᠳᠤᠷᠴᠤ ᠭᠠᠷᠴᠤ ᠶᠠᠪᠣᠵᠠᠢ᠃
《ᠶᠠᠮᠠᠷ ᠭᠦᠮᠤᠨ ᠪᠣᠯᠴᠢᠬᠠᠪᠠ ︖ ᠪᠢ ᠨᠢᠭᠡ ᠥᠵᠡᠭᠡᠳᠡᠭᠡᠶᠡ ︕》 ᠭᠡᠳ ᠨᠢᠭᠡ ᠭᠦᠭ᠍ᠰᠢᠨ ᠳᠤᠳᠤᠭᠰᠢ ᠣᠷᠤᠬᠤ ᠭᠡᠳ ᠬᠠᠳᠠᠪᠴᠢᠨ ᠳᠤ ᠪᠦᠳᠡᠷᠡᠨ ᠣᠨᠠᠯ᠎ᠠ᠃ ᠡᠭᠦᠨ ᠢ ᠥᠵᠡᠭᠡᠳ ᠳᠠᠷᠠ ᠄
《ᠭᠦᠭ᠍ᠰᠢᠨ ᠡᠯᠵᠢᠭᠡ ᠯᠤᠤ ᠯᠧ ᠳ᠋ᠤᠤ᠂ ᠱᠦ᠋ ᠱᠨ᠂ ᠳ᠋ᠠᠷ ᠳᠠᠭ》 ᠭᠡᠵᠤ ᠭᠡᠯᠡᠭᠡᠳ ᠡᠷᠭᠦᠨ ᠪᠣᠰᠬᠠᠯ᠎ᠠ᠃ ᠭᠦᠮᠦᠰ ᠳᠡᠭᠦᠨ ᠢ ᠪᠢᠰᠢᠷᠡᠭᠦ ᠶᠢᠨ ᠶᠡᠭᠡ ᠪᠠᠷ ᠪᠢᠰᠢᠷᠠᠪᠠ᠃
ᠳᠡᠭᠡᠭᠡᠳ ᠡᠨᠡ ᠭᠦᠮᠤᠨ ᠣᠷᠤᠭ ᠤᠨ ᠭᠠᠵᠠᠷ ᠭᠦᠡᠳᠤ ᠪᠠᠷ ᠵᠤᠴᠢᠯᠠᠭᠳᠠᠵᠤ ᠢᠳᠠᠵᠤ ᠴᠢᠳᠠᠴᠢᠬᠠᠭᠠᠤᠨ᠄
《ᠭᠠᠩ ᠳᠦᠷᠦᠭᠡ ᠶᠢ ᠳᠠᠰᠤᠷᠠᠳᠠᠯ᠎ᠠ ᠵᠠᠭᠠᠯᠳᠤᠶ᠎ᠠ᠂ ᠭᠠᠯᠠᠪ ᠳᠡᠯᠡᠭᠡᠢ ᠶᠢ ᠶᠡᠭᠦᠷᠡᠳᠡᠯ᠎ᠡ ᠵᠠᠭᠠᠯᠳᠤᠶ᠎ᠠ ︕》 ᠭᠡᠳ ᠭᠠᠷᠤᠭᠠᠤᠨ ᠶᠠᠪᠣᠬᠤ ᠳᠤ ᠬᠤᠷᠢᠮ ᠳᠤ ᠴᠤᠭᠯᠠᠭᠰᠠᠨ ᠭᠦᠮᠦᠰ ᠶᠠᠭᠤ ᠨᠢ ᠵᠤᠭᠢᠰ ᠦᠭᠡᠶ ᠪᠣᠯᠤᠭᠰᠠᠨ ᠢ ᠮᠡᠳᠡᠭᠦ ᠦᠭᠡᠶ ᠠᠶᠤᠬᠤ ᠳᠠᠭᠠᠨ ᠪᠦᠷ ᠵᠥᠭ᠌ ᠵᠥᠭ᠌ ᠲᠡᠭᠡᠨ ᠳᠠᠷᠬᠠᠨ ᠶᠠᠪᠣᠭᠰᠠᠨ ᠭᠡᠨ᠎ᠡ᠃
ᠵᠤᠬᠢᠶᠠᠭᠴᠢ᠄ ᠽᠠᠠᠳᠠᠨ ᠡᠮᠭᠢᠳᠭᠡᠪᠡ
ᠢᠷᠡᠯᠲᠡ᠄ ᠽᠠᠠᠳᠠᠨ ᠢᠮᠸᠯ ᠶᠢᠡᠷ ᠢᠷᠡᠭᠦᠯᠪᠡ
ᠬᠠᠷᠢᠶ᠎ᠠ᠄
ᠥᠭᠥᠯᠡᠯᠭᠡᠳᠠᠷᠤᠮ᠄ 9262
ᠴᠠᠭ᠄ 2011 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ