☆ ᠠᠰᠬᠠᠨ
ᠵᠣᠢ᠌ᠷ ᠰᠠᠴᠠᠨ ᠥᠭᠡ ᠶᠢᠨ ᠡᠮᠭᠢᠦᠡᠭᠡᠯ
1. ᠬᠤᠯᠠ ᠠᠶᠠᠨ ᠭᠦᠭᠡᠭᠡᠪᠠᠯ ᠮᠤᠷᠢᠨ ᠤ ᠳᠠᠮᠢᠷ ᠢ ᠮᠠᠳᠠᠨ᠎ᠠ᠂
ᠬᠤᠨᠤᠭ ᠡᠳᠦᠷ ᠣᠳᠠᠪᠠᠯ ᠭᠦᠮᠤᠨ ᠤ ᠴᠢᠨᠠᠷ ᠢ ᠮᠠᠳᠠᠨ᠎ᠡ᠃
2. ᠡᠪᠦᠭᠡᠨ ᠭᠦᠮᠤᠨ ᠳᠤ ᠡᠷᠭᠦᠮᠵᠢ ᠭᠡᠷᠡᠭ᠍ᠳᠡᠢ᠂
ᠵᠠᠯᠠᠭᠤ ᠭᠦᠮᠤᠨ ᠳᠤ ᠰᠤᠷᠭᠠᠮᠵᠢ ᠭᠡᠷᠡᠭ᠍ᠳᠡᠢ᠃
3. ᠨᠠᠷᠠᠨ ᠳᠤ ᠡᠭᠡᠭᠡᠪᠠᠯ ᠪᠠᠶ᠎ᠠ ᠳᠤᠯᠠᠭᠠᠴᠠᠨ᠎ᠠ᠂
ᠨᠤᠮ ᠳᠤ ᠰᠢᠨᠤᠪᠠᠯ ᠪᠢᠯᠢᠭ᠌ ᠰᠡᠷᠭᠡᠭ᠍ᠵᠢᠨᠡ᠃
4. ᠰᠠᠭᠢᠯᠭ᠎ᠠ ᠲᠡᠶ ᠭᠦᠮᠤᠨ ᠥᠭᠡᠳᠡᠯᠡᠨ᠎ᠡ᠂
ᠰᠤᠷᠤᠯᠭ᠎ᠠ ᠲᠡᠶ ᠭᠦᠮᠤᠨ ᠳᠠᠪᠰᠢᠨ᠎ᠠ᠃
5. ᠬᠠᠢ᠌ᠷᠠᠯᠠᠬᠤ ᠶᠢ ᠮᠡᠳᠡᠭᠦ ᠦᠭᠡᠶ ᠭᠦᠮᠤᠨ ᠰᠡᠳᠭᠢᠯ ᠦᠭᠡᠶ᠂
ᠭᠢᠴᠢᠶᠡᠭᠦ ᠶᠢ ᠮᠡᠳᠡᠭᠦ ᠦᠭᠡᠶ ᠭᠦᠮᠤᠨ ᠡᠷᠳᠡᠮ ᠦᠭᠡᠶ᠃
6. ᠥᠩᠭᠡᠷᠡᠭ᠍ᠰᠡᠨ ᠶᠠᠭᠤᠮᠠᠨ ᠳᠤ ᠭᠦᠮᠤᠨ ᠪᠣᠯᠭᠠᠨ ᠮᠡᠷᠭᠡᠨ᠂
ᠥᠯᠳᠦᠷᠡᠭ᠍ᠰᠡᠨ ᠮᠢᠬᠠᠨ ᠳᠤ ᠰᠢᠳᠤ ᠪᠣᠯᠭᠠᠨ ᠬᠤᠷᠴᠠ᠃
7. ᠳᠠᠯ᠎ᠠ ᠲᠡᠶ ᠭᠦᠮᠤᠨ ᠳᠠᠯ᠎ᠠ ᠶᠢᠨ ᠴᠢᠨᠡᠭᠡ᠂
ᠳᠠᠯ᠎ᠠ ᠦᠭᠡᠶ ᠭᠦᠮᠤᠨ ᠠᠯᠠᠭᠠᠨ ᠴᠢᠨᠡᠭᠡ᠃
8. ᠴᠢᠭᠢᠭ᠌ ᠦᠭᠡᠶ ᠭᠠᠵᠠᠷ ᠴᠡᠴᠡᠭ᠌ ᠣᠷᠭᠤᠳᠠᠭ ᠦᠭᠡᠶ᠂
ᠴᠢᠭᠡᠴᠢ ᠦᠭᠡᠶ ᠭᠦᠮᠤᠨ ᠳᠤ ᠨᠥᠭᠦᠷ ᠣᠢ᠌ᠷᠠᠳᠳᠠᠭ ᠦᠭᠡᠶ᠃
9. ᠡᠷ᠎ᠡ ᠶᠢᠨ ᠵᠢᠯᠤᠭᠤ ᠵᠤᠷᠢᠭ᠂
ᠡᠷᠳᠡᠮ ᠤᠨ ᠵᠢᠯᠤᠭᠤ ᠪᠢᠴᠢᠭ᠌᠃
10. ᠢᠳᠡᠭᠡᠮᠵᠢ ᠦᠭᠡᠶ ᠨᠥᠭᠦᠷ
ᠢᠯᠡᠷᠭᠡᠢ ᠳᠠᠢ᠌ᠰᠤᠨ ᠡᠴᠡ ᠭᠡᠴᠡᠭᠦᠤ᠃
11.ᠮᠢᠬ᠎ᠠ ᠨᠢ ᠳᠠᠷᠭᠤᠨ ᠪᠣᠯ ᠱᠦᠯᠦ ᠨᠢ ᠳᠤᠰᠤ ᠲᠡᠶ᠃
12.ᠰᠤᠷᠤᠭᠰᠠᠨ ᠪᠦᠭᠦᠨ ᠡᠷᠳᠡᠮ᠂
ᠰᠤᠷᠤᠭᠠᠳᠤᠢ ᠪᠦᠭᠦᠨ ᠭᠡᠮ᠃
13.ᠬᠠᠪᠣᠷ ᠳᠠᠷᠢᠬᠤ ᠦᠭᠡᠶ ᠪᠣᠯ ᠨᠠᠮᠤᠷ ᠬᠤᠷᠢᠶᠠᠬᠤ ᠦᠭᠡᠶ᠃
14.ᠪᠦᠭᠦᠳᠡᠭᠡᠷ ᠪᠦᠯᠭᠦᠮᠳᠡᠪᠠᠯ ᠡᠶᠡᠳᠡᠢ ᠰᠠᠢ᠌ᠬᠠᠨ᠂
ᠪᠦᠯᠢᠶᠡᠨ ᠣᠰᠤ ᠪᠠᠷ ᠣᠭᠢᠶᠠᠪᠠᠯ ᠴᠠᠪᠠᠷ ᠰᠠᠢ᠌ᠬᠠᠨ᠃
15.ᠨᠠᠪᠴᠢ ᠰᠢᠷᠠᠯᠠᠪᠠᠯ ᠨᠠᠮᠤᠷᠵᠢᠬᠤ ᠶᠢᠨ ᠳᠡᠮᠳᠡᠭ᠌᠂
ᠨᠠᠭᠠᠳᠤᠮ ᠭᠡᠳᠦᠷᠡᠪᠠᠯ ᠭᠡᠷᠡᠯᠳᠦᠭᠦ ᠶᠢᠨ ᠳᠡᠮᠳᠡᠭ᠌᠃
16. ᠵᠢᠭᠦᠷ ᠦᠭᠡᠶ ᠰᠢᠪᠠᠭᠤ ᠨᠢᠰᠴᠤ ᠴᠢᠳᠠᠬᠤ ᠦᠭᠡᠶ᠂
ᠵᠤᠷᠢᠭ ᠦᠭᠡᠶ ᠭᠦᠮᠤᠨ ᠥᠭᠡᠳᠡᠯᠡᠵᠤ ᠴᠢᠳᠠᠬᠤ ᠦᠭᠡᠶ᠃
17. ᠥᠰᠭᠦ ᠨᠠᠰᠤᠨ ᠤ ᠬᠡᠦᠬᠡᠳ ᠰᠠᠢ᠌ᠬᠠᠨ᠂
ᠥᠭᠡᠳᠡᠯᠡᠭᠦ ᠠᠢ᠌ᠯ ᠤᠨ ᠮᠤᠳᠤ ᠰᠠᠢ᠌ᠬᠠᠨ᠃
18. ᠢᠳᠡᠭᠡᠯ ᠦᠭᠡᠶ ᠪᠣᠯ ᠵᠤᠷᠢᠭ ᠦᠭᠡᠶ᠂
ᠢᠳᠠᠪᠭᠢ ᠦᠭᠡᠶ ᠪᠣᠯ ᠭᠦᠴᠤᠨ ᠦᠭᠡᠶ᠃
19. ᠪᠠᠷᠰ ᠢ ᠪᠠᠷᠢᠬᠤ ᠳᠤ ᠠᠷᠭ᠎ᠠ ᠪᠠᠷ᠂
ᠪᠠᠷᠳᠠᠭ᠎ᠠ ᠶᠢ ᠳᠤᠭᠤᠯᠬᠤ ᠳᠤ ᠵᠤᠷᠢᠭ ᠶᠢᠡᠷ᠃
20. ᠡᠷᠳᠡᠮ ᠮᠡᠳᠡᠯᠭᠡ ᠶᠢ ᠭᠢᠴᠢᠶᠠᠯ ᠡᠴᠡ᠂
ᠡᠳ᠋ ᠪᠠᠷᠠᠭ᠎ᠠ ᠶᠢ ᠳᠡᠯᠭᠡᠭᠦᠷ ᠡᠴᠡ᠃
21. ᠡᠳ᠋ ᠠᠰᠢᠭ ᠡᠪᠠᠰᠤᠨ ᠤ ᠰᠢᠭᠦᠳᠡᠷᠢ᠂
ᠡᠷᠳᠡᠮ ᠮᠡᠳᠡᠯᠭᠡ ᠨᠠᠰᠤᠨ ᠤ ᠴᠢᠮᠡᠭ᠌᠃
22. ᠨᠢᠭᠡ ᠭᠦᠮᠤᠨ ᠤ ᠣᠬᠠᠭᠠᠨ ᠵᠠᠷᠤᠭᠠᠤᠨ ᠭᠦᠷᠭᠦ ᠦᠭᠡᠶ᠂
ᠬᠤᠶᠠᠷ ᠭᠦᠮᠤᠨ ᠤ ᠣᠬᠠᠭᠠᠨ ᠵᠠᠷᠤᠭᠠᠤᠨ ᠪᠠᠷᠠᠬᠤ ᠦᠭᠡᠶ᠂
23. ᠰᠠᠢ᠌ᠨ ᠲᠡᠶ ᠨᠥᠭᠦᠷᠯᠡᠪᠠᠯ ᠰᠠᠷᠠᠨ ᠤ ᠭᠡᠷᠡᠯ᠂
ᠮᠠᠭᠤ ᠲᠡᠶ ᠨᠥᠭᠦᠷᠯᠡᠪᠠᠯ ᠮᠤᠭᠠᠢ ᠶᠢᠨ ᠬᠤᠤᠷ᠃
24. ᠵᠠᠮ ᠨᠡᠪᠳᠡᠷᠡᠳᠡᠭ᠌ ᠣᠰᠤ᠂
ᠵᠠᠩ ᠡᠪᠳᠡᠷᠡᠳᠡᠭ᠌ ᠠᠷᠢᠭᠢ᠃
25. ᠭᠦᠯᠦᠭ᠌ ᠤᠨ ᠰᠠᠢ᠌ᠨ ᠴᠢᠳᠠᠯ ᠳᠤ ᠪᠠᠨ ᠪᠠᠢ᠌ᠳᠠᠭ᠂
ᠭᠦᠮᠤᠨ ᠤ ᠰᠠᠢ᠌ᠨ ᠨᠢ ᠦᠨᠡᠨ ᠳᠤ ᠪᠠᠨ ᠪᠠᠢ᠌ᠳᠠᠭ᠃
26. ᠬᠤᠤᠠᠳᠤᠭ ᠤᠨ ᠣᠰᠤᠨ ᠳᠤ ᠵᠢᠭᠠᠰᠤ ᠦᠭᠡᠶ᠂
ᠬᠠᠭᠤᠷᠠᠢ ᠮᠤᠳᠤᠨ ᠳᠤ ᠨᠠᠪᠴᠢ ᠦᠭᠡᠶ᠃
27. ᠮᠠᠭᠤ ᠪᠣᠯᠪᠠᠴᠤ ᠡᠵᠢ ᠲᠡᠶ ᠰᠠᠢ᠌ᠬᠠᠨ᠂
ᠮᠤᠷᠤᠢ ᠪᠣᠯᠪᠠᠴᠤ ᠵᠠᠮ ᠲᠡᠶ ᠰᠠᠢ᠌ᠬᠠᠨ᠃
28. ᠵᠤᠷᠢᠭ ᠪᠠᠢ᠌ᠪᠠᠯ ᠭᠡᠷᠡᠭ᠌ ᠪᠦᠳᠤᠨ᠎ᠡ᠂
ᠵᠤᠢᠳᠠᠯ ᠪᠠᠢ᠌ᠪᠠᠯ ᠵᠢᠷᠭᠠᠯ ᠢᠷᠠᠨ᠎ᠠ᠃
29. ᠠᠭᠤᠯᠠ ᠭᠡᠳᠦᠢ ᠦᠨᠳᠦᠷ ᠪᠣᠯᠪᠠᠴᠤ ᠣᠷᠤᠢ ᠪᠠᠷ ᠨᠢ ᠭᠠᠷᠬᠤ ᠵᠠᠮ ᠲᠡᠶ᠂
ᠬᠠᠳᠠ ᠭᠡᠳᠦᠢ ᠦᠨᠳᠦᠷ ᠪᠣᠯᠪᠠᠴᠤ ᠭᠢᠷ᠎ᠠ ᠪᠠᠷ ᠨᠢ ᠭᠠᠷᠬᠤ ᠵᠠᠮ ᠲᠡᠶ᠃
30 ᠲᠦᠮᠡᠨ ᠭᠠᠵᠠᠷ ᠤᠨ ᠠᠶᠠᠨ᠂
ᠳᠦᠭᠡ ᠭᠠᠵᠠᠷ ᠡᠴᠡ ᠡᠭᠢᠯᠡᠨ᠎ᠡ᠃
31. ᠳᠦᠷᠭᠡᠨ ᠠᠭᠤᠷ ᠭᠡᠷᠡᠭᠦᠯ ᠪᠣᠰᠬᠠᠵᠤ᠂
ᠳᠦᠳᠡᠭ᠌ ᠭᠠᠯ ᠳᠣᠢ᠌ᠮᠠᠷ ᠪᠣᠰᠬᠠᠬᠤ᠃
32. ᠳᠤᠯᠤᠭᠠᠢ ᠴᠤᠭᠤᠷᠤᠪᠠᠴᠤ ᠲᠤᠭᠤᠷᠴᠤᠭ ᠳᠤᠳᠤᠷ᠎ᠠ ᠪᠠᠨ
ᠳᠤᠬᠤᠢ ᠬᠤᠭᠤᠷᠠᠪᠠᠴᠤ ᠬᠠᠠᠴᠤᠢ ᠳᠤᠳᠤᠷ᠎ᠠ ᠪᠠᠨ᠃
33. ᠳᠤᠰᠠ ᠭᠢᠪᠠᠯ ᠳᠠᠭᠤᠰᠳᠠᠯ᠎ᠠ
ᠣᠰᠤ ᠭᠢᠪᠠᠯ ᠠᠭᠤᠰᠳᠠᠯ᠎ᠠ᠃
34. ᠣᠯᠪᠣᠭ ᠶᠢᠡᠨ ᠴᠤᠭᠤᠷᠤᠳᠠᠯᠠ ᠰᠠᠭᠤᠭᠰᠠᠨ ᠮᠡᠷᠭᠡᠨ ᠡᠴᠡ
ᠣᠯᠠᠨ ᠢ ᠳᠤᠭᠤᠷᠢᠭᠰᠠᠨ ᠮᠤᠩᠬᠠᠭ ᠳᠡᠭᠡᠷ᠎ᠡ᠃
ᠵᠤᠬᠢᠶᠠᠭᠴᠢ ᠶᠢᠨ ᠬᠠᠶᠢᠭ ᠄ ᠬᠤᠤᠯᠢᠨ ᠭᠤᠤᠯ
ᠵᠤᠬᠢᠶᠠᠭᠴᠢ᠄ ᠠᠰᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7485
ᠴᠠᠭ᠄ 2010 ᠤᠨ ᠤ 01 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ