ᠨᠡᠪᠲᠡᠷᠡᠨ ᠤᠷᠤᠬᠤ
ᠪᠣᠴᠠᠬᠤ ᠪᠠᠨ ᠮᠠᠷᠳᠠᠭᠰᠠᠨ ᠦᠷᠯᠦᠭᠡ

ᠣᠳᠤᠳ ᠤᠨ ᠮᠦᠷ ᠢ ᠳᠠᠷᠤᠭᠰᠠᠨ

ᠴᠤᠯᠮᠤᠨ ᠤ ᠭᠡᠭᠡ ᠳᠠᠰᠤᠷᠠᠵᠤ

ᠰᠦᠨᠢ ᠶᠢᠨ ᠴᠢᠮᠡᠭᠡ ᠬᠤᠯᠠᠳᠠᠨ᠎ᠠ

ᠦᠷ ᠤᠨ ᠮᠦᠩᠭᠦᠨ ᠵᠠᠯᠠᠨ ᠳᠡᠭᠡᠷ᠎ᠡ

ᠭᠦᠷᠪᠠᠵᠢᠭ᠍ᠰᠡᠨ ᠦᠣᠷᠰᠠᠵᠤ

ᠡᠳᠦᠷ ᠤᠨ ᠠᠨᠢᠷ ᠳᠦᠭᠦᠨ᠎ᠡ᠃

ᠶᠠᠭᠠᠨ ᠰᠠᠷᠠᠨ ᠤ ᠳᠤᠶᠠᠭ᠎ᠠ

ᠦᠷᠯᠦᠭᠡᠨ ᠤ ᠵᠢᠪᠠᠷ ᠲᠤ ᠰᠠᠢ᠌ᠷᠠᠨ

ᠴᠠᠭᠠᠨ ᠡᠭᠦᠯᠡᠨ ᠤ ᠭᠤᠭᠴᠤᠭ᠎ᠠ

ᠦᠷ ᠤᠨ ᠭᠢᠷᠠᠭᠠᠨ ᠳᠤ ᠰᠠᠮᠠᠷᠠᠨ᠂

ᠱᠢᠷᠤᠨ ᠴᠡᠩᠭᠡᠷ ᠣᠨᠢᠶᠠᠷ

ᠨᠠᠭᠤᠷ ᠤᠨ ᠭᠦᠪᠠᠭᠡᠨ ᠳᠤ ᠮᠡᠯᠮᠡᠷᠡᠭᠦ ᠳᠤ

ᠰᠢᠭᠤᠭᠳᠠᠭᠰᠠᠨ ᠴᠠᠢ᠌ᠪᠣᠷ ᠭᠡᠭᠡ

ᠰᠢᠪᠠᠭᠤᠳ ᠤᠨ ᠦᠳᠦᠨ ᠳᠤ ᠮᠡᠯᠳᠡᠷᠡᠭᠦ ᠳᠤ

ᠰᠢᠷᠭᠠᠯ ᠳᠠᠯ᠎ᠠ ᠶᠢᠨ ᠪᠠᠭᠤᠴᠠᠨ ᠡᠴᠡ

ᠨᠠᠮᠤᠷ ᠤᠨ ᠦᠷᠯᠦᠭᠡ ᠪᠣᠴᠠᠭ᠎ᠠ ᠦᠭᠡᠶ᠃


ᠲ᠋ᠡᠭ᠍ᠷᠢ ᠶᠢᠨ ᠬᠠᠶᠠᠭ᠎ᠠ

ᠡᠵᠢ ᠶᠢᠨ ᠳᠡᠷᠯᠢᠭ᠌ ᠤᠨ ᠬᠤᠷᠮᠤᠢ ᠰᠢᠭ ᠰᠦᠨ ᠳᠤ ᠳᠠᠪᠳᠤᠵᠤ

ᠨᠠᠷᠠᠨ ᠤ ᠦᠨᠦᠷ ᠨᠢ ᠰᠠᠭᠠᠯᠢ ᠶᠢᠨ ᠦᠨᠦᠷ ᠲᠡᠶ ᠢᠷᠠᠨ᠎ᠡ᠂

ᠠᠷᠭᠠᠮᠵᠢᠶ᠎ᠠ ᠲᠡᠶ ᠮᠤᠷᠢᠨ ᠤ ᠴᠢᠭᠢ ᠬᠠᠢ᠌ᠴᠢᠯᠠᠬᠤ ᠠᠨᠢᠷ ᠶᠢᠡᠷ

ᠠᠭᠠᠷᠤᠤᠯ ᠬᠠᠢ᠌ᠭᠰᠠᠨ ᠪᠣᠯᠵᠤᠮᠤᠷ ᠵᠢᠭᠦᠷ ᠳᠠᠪᠢᠨ ᠦᠷᠭᠦᠭᠦ ᠳᠤ

ᠠᠨᠢᠪᠴᠢᠨ ᠰᠢᠷᠭᠠᠯᠳᠤᠬᠤ ᠴᠡᠴᠡᠭᠡᠰ ᠤᠨ ᠳᠡᠯᠪᠠᠭᠡᠨ ᠳᠤ

ᠡᠯᠭᠦᠭ᠍ᠳᠡᠭ᠍ᠰᠡᠨ ᠳᠠᠭᠤᠨ ᠨᠢ

ᠠᠵᠢᠨᠠᠢ ᠶᠢᠨ ᠰᠤᠷ ᠲᠡᠶ ᠨᠤᠭᠤᠭᠠᠤᠨ ᠤᠨ ᠦᠨᠦᠷ ᠲᠤ ᠰᠤᠭᠳᠤᠭᠤ ᠱᠤᠯᠤᠭᠠᠨᠠᠨ᠎ᠠ᠃

ᠨᠠᠷᠠ ᠶᠢ ᠬᠠᠢ᠌ᠵᠤ ᠨᠡᠭᠦᠭ᠍ᠰᠡᠨ ᠡᠭᠦᠯᠡ

ᠭᠢᠷᠠᠭᠤ ᠳᠠᠪᠢᠰᠴᠤ ᠪᠣᠴᠠᠨ᠎ᠠ

ᠨᠠᠮᠤᠷ ᠢ ᠬᠠᠢ᠌ᠵᠤ ᠪᠠᠭᠤᠭᠰᠠᠨ ᠭᠢᠷᠠᠭᠤ

ᠪᠠᠭᠤᠴᠠ ᠭᠦᠳᠦᠯᠵᠤ ᠪᠣᠴᠠᠯᠤᠨ᠎ᠠ

ᠨᠠᠮ᠎ᠠ ᠶᠢ ᠬᠠᠢ᠌ᠵᠤ ᠣᠷᠤᠰᠢᠭᠰᠠᠨ ᠪᠠᠭᠤᠴᠠ

ᠨᠠᠷᠠ ᠶᠢ ᠭᠦᠯᠢᠶᠡᠵᠤ ᠦᠨᠳᠠᠯᠵᠠᠨ᠎ᠡ᠃


ᠢᠳᠡᠭᠡᠰᠢᠭ᠍ᠰᠡᠨ ᠴᠠᠢ ᠶᠢᠨ ᠳᠤᠰᠤᠷᠬᠠᠭᠰᠠᠨ ᠦᠷᠤᠮ᠎ᠠ ᠳᠤ ᠬᠤᠷᠭᠤᠳᠠᠵᠤ

ᠢᠪᠢᠯᠭᠡᠭ᠍ᠰᠡᠨ ᠰᠦᠨ ᠮᠠᠳᠤ ᠨᠠᠮᠤᠷ ᠤᠨ ᠦᠷᠯᠦᠭᠡ ᠪᠣᠴᠠᠬᠤ ᠪᠠᠨ ᠮᠠᠷᠳᠠᠵᠠᠢ᠃

ᠡᠴᠢᠭᠡ ᠶᠢᠨ

ᠭᠤᠷᠮᠤᠰᠤᠨ ᠬᠣᠢ᠌ᠪᠢ ᠲᠡᠶ ᠬᠤᠰᠤᠨ ᠣᠷᠭᠠᠨ ᠳᠤ

ᠭᠤᠴᠢᠨ ᠣᠨ ᠤ ᠡᠪᠦᠭᠡᠨ ᠰᠠᠯᠭᠢ ᠨᠤᠮᠤᠬᠠᠷᠠᠵᠤ ᠬᠤᠨᠤᠵᠠᠢ

ᠡᠭᠡ ᠶᠢᠨ

ᠭᠠᠤᠯᠢᠨ ᠰᠢᠷ ᠲᠡᠶ ᠬᠤᠷᠤᠳ ᠤᠨ ᠳᠠᠪᠠᠭ ᠲᠤ

ᠭᠤᠩᠬᠠᠭᠰᠠᠨ ᠰᠠᠷᠠᠨ ᠊ᠭ᠍‍ᠬᠢᠷ ᠦᠭᠡᠶ ᠭᠡᠭᠡ ᠭᠡᠪᠰᠢᠵᠤ ᠬᠤᠨᠤᠵᠠᠢ᠃

ᠠᠩᠭᠢᠷ ᠰᠢᠷᠭᠠᠯ ᠭᠡᠷᠡᠯ ᠶᠢᠡᠨ

ᠣᠩᠭ᠋ᠤᠨ ᠰᠠᠷᠠᠯ ᠤᠨ ᠮᠤᠠᠳᠠᠭᠠᠨ ᠳᠤ ᠵᠡᠭᠦᠯᠭᠡᠵᠤ

ᠵᠢᠩᠭᠢᠷ ᠪᠦᠯᠢᠶᠡᠨ ᠢᠯᠴᠢ ᠪᠠᠨ

ᠣᠷᠤᠭ᠎ᠠ ᠠᠳᠠ ᠶᠢᠨ ᠪᠦᠭᠦᠨ ᠳᠤ ᠶᠡᠭᠦᠯᠡᠵᠤ

ᠨᠠᠮᠤᠷ ᠤᠨ ᠨᠠᠷᠠ ᠢᠷᠡᠭᠦ ᠳᠤ

ᠨᠠᠭᠠᠨ᠎ᠠ ᠡᠴᠡ ᠨᠢ ᠣᠭᠳᠤᠭᠰᠠᠨ ᠣᠨᠢᠶᠠᠷ

ᠨᠠᠴᠢᠨ ᠴᠤᠴᠢᠷᠳᠠᠭᠤᠯᠤᠨ ᠨᠡᠭᠦᠵᠤ

ᠨᠠᠮᠬᠠᠨ ᠭᠦᠭᠡ ᠠᠭᠤᠯᠠᠰ

ᠦᠷᠯᠦᠭᠡ ᠪᠠᠨ ᠳᠡᠪᠠᠷᠢᠭᠡᠳ ᠰᠠᠷᠢᠨ᠎ᠡ᠃


᠊᠊᠊᠊᠊᠊᠊᠊᠊᠊᠊᠊᠊᠊᠊ 2008.10.10 ᠰᠢᠯᠢ ᠶᠢᠨ ᠬᠤᠳᠠ


ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ