ᠨᠡᠪᠲᠡᠷᠡᠨ ᠤᠷᠤᠬᠤ
ᠠᠴᠢᠳᠤ ᠪᠠᠭᠰᠢ ᠮᠢᠨᠢ ᠮᠠᠷᠳᠠᠭᠳᠠᠰᠢ ᠥᠭᠡᠢ
- ᠠᠴᠢᠳᠤ ᠰ·ᠪᠠᠽᠠᠷ ᠪᠠᠭᠰᠢ ᠶᠢᠨ ᠶᠢᠡᠨ ᠨᠠᠰᠤ ᠨᠥᠭ᠍ᠴᠢᠭ᠍ᠰᠡᠨ 18 ᠵᠢᠯ ᠤᠨ ᠳᠤᠷᠠᠰᠤᠯ ᠳᠤ

ᠮᠢᠨᠤ ᠦᠰᠦᠨ ᠲᠦᠯᠵᠢᠭᠦ ᠶᠠᠪᠣᠴᠠ ᠳᠤ ᠠᠷᠪᠢᠨ ᠣᠯᠠᠨ ᠪᠠᠭᠰᠢ ᠨᠡᠷ ᠤᠨ ᠭᠠᠷ ᠳᠤᠤᠷ᠎ᠠ ᠭᠦᠮᠦᠵᠢᠭ᠍ᠳᠡᠵᠤ ᠠᠮᠢᠳᠤᠷᠠᠬᠤ ᠶᠢᠨ ᠣᠬᠠᠭ᠎ᠠ᠂ ᠮᠡᠳᠡᠯᠭᠡ ᠶᠢᠨ ᠭᠦᠴᠤ ᠶᠢ ᠣᠯᠤᠭᠰᠠᠨ ᠶᠤᠮ ᠳ᠋ᠠ᠃ ᠬᠤᠷᠢᠨ ᠨᠠᠰᠤᠨ ᠤ ᠨᠠᠮᠤᠷ ᠶᠡᠭᠡ ᠰᠤᠷᠭᠠᠭᠤᠯᠢ ᠤᠨ ᠬᠤᠶᠠᠳᠤᠭᠠᠷ ᠣᠨ ᠡᠴᠡ ᠡᠭᠢᠯᠡᠵᠤ ᠨᠢᠭᠡᠨ ᠭᠦᠳᠡᠷᠯᠢᠭ᠌ ᠳᠤᠮᠤᠬᠠᠨ ᠴᠤᠭᠴᠠ ᠲᠡᠶ᠂ ᠱᠤᠭ ᠶ‍ᠥᠮᠦᠷᠯᠢᠭ᠌ ᠶᠠᠷᠢᠶ᠎ᠠ ᠲᠡᠶ ᠰ·ᠪᠠᠽᠠᠷ ᠭᠡᠳᠡᠭ᠌ ᠪᠠᠭᠰᠢ ᠶᠢᠨ ᠭᠢᠴᠢᠶᠠᠯ ᠢ ᠰᠤᠨᠤᠰᠴᠤ᠂ ᠳᠠᠨᠢᠯᠴᠠᠵᠤ᠂ ᠰᠡᠳᠭᠢᠯ ᠳᠤᠳᠤᠷ᠎ᠠ ᠪᠠᠨ ᠠᠭᠠᠵᠢᠮ ᠶᠢᠡᠷ ᠪᠢᠰᠢᠷᠠᠵᠤ ᠡᠭᠢᠯᠡᠭ᠍ᠰᠡᠨ ᠶᠤᠮ᠃ ᠪᠦᠳᠦᠭᠦᠨ ᠭᠡᠭ᠍ᠴᠢ ᠳᠠᠮᠠᠭᠢ ᠣᠷᠢᠶᠠᠴᠢᠬᠠᠭᠰᠠ᠄ 《ᠲ᠋ᠠᠨᠠᠷ ᠮᠢᠨᠢ ᠥᠭᠡ ᠶᠢ ᠳᠠᠮᠠᠢ᠌ᠯᠠ ᠦᠯᠢᠭᠡᠷ ᠶᠠᠷᠢᠵᠤ ᠪᠠᠢ᠌ᠨ᠎ᠠ ᠭᠡᠵᠤ ᠪᠢᠳᠡᠭᠡᠢ ᠪᠣᠳᠤᠭᠠᠷᠠᠢ᠂ ᠡᠳᠡᠭᠡᠷ ᠪᠦᠭᠦᠨ ᠵᠤᠬᠢᠶᠠᠯ ᠪᠢᠴᠢᠯᠭᠡ ᠶᠢᠨ ᠪᠣᠷᠤ ᠮᠠᠲ᠋ᠧᠷᠢᠶᠠᠯ ᠭᠡᠵᠤ ᠪᠣᠳᠤ》᠂ 《ᠣᠷᠴᠢᠮ ᠪᠢ ᠣᠷᠢᠯᠭ᠎ᠠ ᠪᠠᠷ ᠮᠤᠩᠭ᠋ᠤᠯ ᠣᠯᠤᠰ ᠲᠤ ᠭᠦᠷᠴᠤ ᠬᠤᠷᠠᠯ ᠳᠤ ᠣᠷᠤᠯᠴᠠᠬᠤ ᠪᠣᠯᠤᠯ᠎ᠠ》᠂ 《ᠡᠨᠡ ᠪᠣᠯ ᠮᠢᠨᠤ ᠰᠤᠷᠤᠭᠴᠢ ᠳᠠᠸᠠ ᠶᠠᠫᠣᠨ ᠡᠴᠡ ᠠᠪᠴᠢᠷᠠᠭᠰᠠᠨ ᠳᠠᠮᠠᠭᠢ ᠨᠤᠴᠤᠭᠤᠷ᠂ ᠶᠠᠮᠠᠷᠬᠠᠨ ᠭᠤᠶᠤ ᠪᠠᠢ᠌ᠨ᠎ᠠ》᠂ 《ᠣᠳᠤ ᠪᠠᠷ ᠨᠢᠭᠡ ᠰᠠᠢ᠌ᠨ ᠠᠫᠷᠤᠲ᠋ ᠣᠯᠤᠮᠠᠷ ᠪᠠᠢ᠌ᠨ᠎ᠠ᠂ ᠮᠤᠩᠭ᠋ᠤᠯ ᠣᠷᠤᠨ ᠶᠢᠡᠨ ᠨᠢᠭᠡ ᠬᠠᠨᠤᠳᠠᠯ᠎ᠠ ᠭᠠᠩᠬᠤᠬᠤ ᠶ‍ᠦᠮᠰᠡᠨ》 ᠭᠡᠭᠦ ᠮᠠᠳᠤ ᠣᠯᠠᠨ ᠠᠷᠪᠢᠨ ᠥᠭᠡ ᠶᠠᠷᠢᠶ᠎ᠠ ᠶᠢ ᠨᠢ ᠪᠢᠳᠠ ᠭᠡᠳᠦᠢ ᠣᠯᠠᠨ ᠰᠤᠨᠤᠰᠤᠯ᠎ᠠ ᠭᠡᠳ ᠳᠠᠳᠤᠢ ᠰᠤᠨᠢᠷᠬᠠᠯᠳᠠᠢ ᠶ‍ᠥᠮᠦᠷᠯᠢᠭ᠌ ᠰᠠᠨᠠᠭᠳᠠᠳᠠᠭ᠃ ᠪᠠ᠊ ᠪᠠᠭᠰᠢ ᠶᠢᠨ ᠭᠢᠴᠢᠶᠠᠯ ᠢ ᠳᠠᠩᠴᠤ ᠪᠠᠭ᠎ᠠ ᠪᠠᠢ᠌ᠷᠢᠰᠢᠯᠠᠭᠤᠯᠵᠠᠢ ᠭᠡᠵᠤ ᠪᠢᠳᠠ ᠭᠡᠳᠦᠭᠦᠯᠡ ᠦᠷᠭᠦᠯᠵᠢ ᠶᠠᠷᠢᠯᠴᠠᠳᠠᠭ ᠪᠢᠯᠠ᠃ ᠨᠢᠭᠡ ᠡᠳᠦᠷ ᠪᠠ᠊ ᠪᠠᠭᠰᠢ ᠮᠢᠨᠢ ᠮᠢᠨᠤ ᠪᠢᠴᠢᠭ᠍ᠰᠡᠨ ᠥᠭᠦᠯᠡᠯ ᠤᠳ ᠢ ᠥᠵᠡᠭᠡᠳ ᠨᠠᠳᠠ ᠣᠷᠢᠳᠠᠪᠠᠷ ᠨᠤᠳᠤᠭ ᠤᠨ ᠶᠢᠡᠨ ᠳᠤᠬᠠᠢ ᠮᠡᠳᠡᠳᠡᠭ᠌ ᠵᠣᠢ᠌ᠯ ᠶᠢᠡᠨ ᠪᠢᠴᠢᠭᠡᠷᠡᠢ᠂ ᠳᠠᠨ ᠤ ᠨᠤᠳᠤᠭ ᠲᠤ ᠮᠤᠯᠤᠮ ᠰᠠᠴᠠᠨ ᠤ ᠳᠤᠬᠠᠢ ᠡᠰᠡᠭᠦᠯ᠎ᠡ ᠥᠭᠡᠷ᠎ᠡ ᠪᠠᠯᠡᠭᠡᠨ ᠮᠠᠲ᠋ᠧᠷᠢᠶᠠᠯ ᠢ ᠴᠢ ᠴᠤᠭᠯᠠᠭᠤᠯᠵᠤ ᠪᠣᠯᠤᠨ᠎ᠠ ᠰᠢᠤ ᠭᠡᠰᠡᠨ ᠥᠭᠡ ᠶᠢ ᠳᠤᠬᠠᠢ ᠶᠢᠨ ᠦᠶ᠎ᠡ ᠳᠤ ᠶᠡᠭᠡ ᠣᠢ᠌ᠰᠢᠶᠠᠭᠰᠠᠨ ᠦᠭᠡᠶ ᠪᠣᠯᠪᠠᠴᠤ ᠡᠨᠡ ᠵᠢᠯ ᠪᠢᠳᠠ ᠮᠤᠩᠭ᠋ᠤᠯᠭᠦ᠋ᠷᠢᠶ᠎ᠡ ᠰᠢᠶᠠᠨ ᠤ ᠰᠤᠶᠤᠯ ᠳᠡᠦᠭᠡ ᠶᠢᠨ ᠮᠠᠲ᠋ᠧᠷᠢᠶᠠᠯ ᠢ ᠪᠢᠴᠢᠭᠦ ᠳᠤ ᠮᠤᠯᠤᠮ ᠰᠠᠴᠠᠨ ᠤ ᠮᠠᠲ᠋ᠧᠷᠢᠶᠠᠯ ᠶᠡᠭᠡᠳᠡ ᠳᠤᠳᠠᠭᠳᠠᠵᠤ᠂ ᠪᠠᠭᠰᠢ ᠶᠢᠨ ᠮᠢᠨᠢ ᠢᠤᠠᠬᠠᠭᠰᠠᠨ ᠥᠭᠡ ᠶᠠᠭᠠᠭᠢᠬᠤ ᠶᠢᠨ ᠠᠷᠭ᠎ᠠ ᠦᠭᠡᠶ ᠳᠠᠷᠢᠭᠢ ᠳᠤᠯᠤᠭᠠᠢ ᠳᠤ ᠡᠷᠭᠢᠯᠳᠦᠵᠤ ᠪᠠᠢ᠌ᠯ᠎ᠠ᠃ ᠣᠳᠤ ᠪᠣᠳᠤᠪᠠᠯ ᠭᠦᠭᠡᠷᠦᠭᠦᠢ ᠪᠠᠭᠰᠢ ᠮᠢᠨᠢ ᠨᠠᠳᠠ ᠶᠠᠭᠤ ᠨᠢᠭᠡ ᠶᠢ ᠰᠠᠨᠠᠭᠤᠯᠤᠬᠤ ᠪᠠᠷ ᠪᠣᠳᠤᠭᠰᠠᠨ ᠪᠣᠯ ᠳ᠋ᠠ︖

1992 ᠣᠨ ᠤ 6 ᠰᠠᠷ᠎ᠠ ᠶᠢᠨ 22 ᠤ ᠡᠳᠦᠷ ᠤᠨ ᠦᠳᠡ ᠶᠢᠨ ᠬᠣᠢ᠌ᠨ᠎ᠠ 〈ᠣᠤᠠᠬ᠎ᠠ ᠵᠤᠬᠢᠶᠠᠯ ᠤᠨ ᠣᠨᠤᠯ〉 ᠤᠨ ᠭᠢᠴᠢᠶᠠᠯ ᠤᠨ ᠴᠠᠭ ᠲᠤ ᠪᠢᠳᠠ ᠪᠠᠭᠰᠢ ᠪᠠᠨ ᠶᠡᠭᠡᠳᠡ ᠭᠦᠰᠡᠨ ᠭᠦᠯᠢᠶᠡᠭ᠍ᠰᠡᠨ ᠶᠤᠮ᠃ ᠮᠢᠨᠤ ᠰᠡᠳᠭᠢᠯ ᠳᠤ ᠪᠠᠢ᠌ᠨ ᠪᠠᠢ᠌ᠨ ᠭᠠᠳᠠᠨ᠎ᠠ ᠡᠴᠡ ᠪᠠᠭᠰᠢ ᠶᠢᠨ ᠮᠢᠨᠢ ᠳᠠᠶᠠᠭ ᠤᠨ ᠳᠠᠭᠤ ᠰᠤᠨᠤᠰᠳᠠᠬᠤ ᠰᠢᠭ᠌ ᠪᠣᠯᠤᠭᠠᠤᠨ ᠯᠠ᠂ ᠭᠡᠳᠡᠯ᠎ᠡ ᠪᠠᠭᠰᠢ ᠮᠢᠨᠢ ᠣᠳᠠᠳᠠᠯ᠎ᠠ ᠢᠷᠡᠭ᠍ᠰᠡᠨ ᠦᠭᠡᠶ᠂ ᠳᠠᠭᠢᠵᠤ ᠢᠷᠡᠭ᠍ᠰᠡᠨ ᠦᠭᠡᠶ ᠶᠤᠮ᠃ ᠪᠢᠳᠠ ᠪᠠᠭᠰᠢ ᠪᠠᠨ ᠡᠢ᠌ᠮᠤ ᠳᠦᠷᠭᠡᠨ ᠣᠯᠠᠨ ᠣᠯᠠᠨ ᠮᠤᠩᠭ᠋ᠤᠯ ᠣᠶᠤᠳᠠᠤᠨ ᠶᠢᠡᠨ ᠬᠠᠶᠠᠴᠢᠬᠠᠭᠠᠤᠨ᠂ ᠮᠤᠩᠭ᠋ᠤᠯ ᠰᠤᠳᠤᠯᠤᠯ ᠤᠨ ᠣᠯᠠᠨ ᠣᠯᠠᠨ ᠰᠡᠳᠭᠢᠯ ᠤᠨ ᠬᠠᠨᠢ ᠪᠠᠨ ᠬᠠᠶᠠᠴᠢᠬᠠᠭᠠᠤᠨ᠂ ᠰᠡᠳᠭᠢᠯ ᠤᠨ ᠭᠦᠨ ᠳ᠋ᠠᠭᠢ ᠤᠢ᠌ᠷᠠᠤᠨ ᠨᠤᠳᠤᠭ ᠶᠢᠡᠨ ᠬᠠᠶᠠᠴᠢᠭᠠᠤᠨ ᠬᠤᠷᠸ᠎ᠠ ᠳᠤ ᠮᠥᠩᠭᠡ ᠪᠣᠰᠤ ᠶᠢ ᠥᠵᠡᠭᠦᠯᠦᠨ᠎ᠡ ᠭᠡᠵᠤ ᠪᠣᠳᠤᠭᠰᠠᠨ ᠦᠭᠡᠶ ᠪᠠᠢ᠌ᠵᠤ ᠰᠢᠤ᠃ ᠡᠨᠡᠷᠢᠯ ᠦᠭᠡᠶ ᠬᠤᠷᠸ᠎ᠠ ᠭᠡᠵᠤ ᠡᠨᠡ ᠳ᠋ᠠ᠃ ᠳᠠᠨ ᠤ ᠪᠣᠢ ᠪᠦᠭᠦᠢ ᠪᠦᠳᠦᠭᠡᠵᠤ ᠴᠢᠳᠠᠭᠰᠠᠨ ᠦᠭᠡᠶ ᠵᠣᠢ᠌ᠯᠠᠰ᠂ ᠮᠥᠩᠭᠡ ᠪᠣᠰᠤ ᠪᠣᠳᠤᠯᠭᠠᠰᠢᠷᠠᠯ ᠲᠡᠶ ᠳᠦᠷᠢ ᠶᠢ ᠳᠠᠨᠢ ᠪᠢᠳᠠ ᠰᠡᠳᠬᠢᠯ ᠳᠡᠭᠡᠨ ᠠᠮᠢᠵᠢᠭᠤᠯᠤᠨ ᠳᠠᠨ ᠢ ᠪᠠᠨ ᠣᠯᠠᠭᠠᠠᠪᠠᠢ ᠳᠠᠰᠢ ᠠᠪᠴᠤ ᠶᠠᠪᠣᠯ᠎ᠠ᠃ ᠳᠠᠷᠠ ᠡᠳᠦᠷ ᠣᠯᠠᠭᠠᠠᠪᠠᠢ ᠶᠢᠨ ᠳᠡᠭ᠍ᠷᠢ ᠠᠶᠤᠮᠠᠷ ᠴᠡᠯᠮᠡᠭ᠌ ᠪᠠᠢ᠌ᠯ᠎ᠠ ᠭᠡᠳ ᠪᠢᠳᠠᠨ ᠤ ᠰᠡᠳᠭᠢᠯ ᠮᠠᠰᠢ ᠭᠦᠡᠳᠤ᠂ ᠳᠡᠭᠡᠳᠦᠰ ᠤᠨ ᠣᠯᠠᠮᠵᠢᠯᠠᠯᠳᠤ ᠦᠪ ᠰᠤᠶᠤᠯ ᠶᠢᠡᠨ ᠠᠯᠳᠠᠵᠤ ᠳᠡᠯᠭᠡᠵᠤ ᠭᠡᠯᠡᠯᠴᠡᠭᠦ ᠥᠭᠡ ᠭᠡᠯᠡ ᠪᠠᠨ ᠠᠯᠳᠠᠭᠰᠠᠨ ᠰᠢᠭ᠌ ᠰᠡᠳᠭᠢᠯ ᠳᠤ ᠶᠠᠮᠠᠷ ᠨᠢᠭᠡᠨ ᠵᠣᠢ᠌ᠯ ᠭᠦᠡᠳᠦᠭᠡᠨ ᠪᠠᠭᠤᠵᠤ ᠪᠢᠳᠠ ᠭᠠᠰᠠᠯᠬᠤ ᠶᠢᠨ ᠶᠡᠭᠡᠪᠠᠷ ᠭᠠᠰᠠᠯᠤᠭᠰᠠᠨ ᠶᠤᠮ᠃

ᠬᠠᠢ᠌ᠷᠠᠳᠤ ᠪᠠᠭᠰᠢ ᠮᠢᠨᠢ︕ ᠳᠠ ᠳᠠᠢ᠌ᠪᠣᠩᠬᠠᠨ ᠨᠣᠢ᠌ᠷᠰᠤᠭᠠᠷᠠᠢ︕ ᠰᠤᠷᠤᠭᠴᠢ ᠨᠡᠷ ᠴᠢᠨᠢ ᠪᠢᠳᠠ ᠣᠳᠤ ᠢᠷᠡᠭᠡᠳ ᠭᠦᠮᠤᠨ ᠶᠠᠭᠤᠨ ᠤ ᠳᠤᠬᠠᠢ ᠳᠠᠩᠳᠠ ᠭᠤᠨᠢᠵᠤ ᠭᠠᠩᠰᠠᠷᠳᠠᠭ ᠤᠨ ᠳᠤᠬᠠᠢ ᠣᠢ᠌ᠯᠭᠠᠯᠳᠠ ᠲᠡᠶ ᠪᠣᠯᠤᠭᠰᠠᠨ ᠶᠤᠮ᠃ ᠭᠦᠮᠦᠰ ᠰᠠᠢ᠌ᠨ ᠰᠠᠢ᠌ᠬᠠᠨ ᠢ ᠪᠦᠷᠢᠦᠡᠭᠡᠨ ᠡᠰᠡ ᠣᠯᠤᠭᠰᠠᠨ ᠳᠠᠭᠠᠨ ᠳᠠᠳᠣᠢ᠌ᠯᠠ ᠶᠡᠭᠡ ᠭᠤᠮᠤᠳᠠᠳᠠᠭ ᠦᠭᠡᠶ᠂ ᠬᠠᠷᠢᠨ ᠦᠪᠡᠷ ᠤᠨ ᠶᠢᠡᠨ ᠬᠠᠢ᠌ᠷᠠᠳᠤ ᠵᠣᠢ᠌ᠯᠠᠰ ᠢ ᠠᠯᠳᠠᠵᠤ ᠣᠷᠭᠢᠭᠰᠠᠨ ᠳᠠᠭᠠᠨ ᠮᠠᠰᠢ ᠡᠮᠭᠡᠨᠢᠳᠡᠭ᠌ ᠪᠠᠢ᠌ᠵᠠᠢ ᠰᠢᠤ᠃ ᠪᠠᠭᠰᠢ ᠮᠢᠨᠢ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠣᠭᠠᠯᠵᠠ ᠬᠤᠳᠠ

ᠵᠤᠬᠢᠶᠠᠭᠴᠢ᠄ ᠫᠣ ᠪᠠᠶᠡ᠊ᠨᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6220
ᠴᠠᠭ᠄ 2010 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ